☆ ᠳᠦᠭᠦᠷᠰᠦ᠋ᠷᠦᠩ
ᠥᠡᠳᠦᠷᠯᠢᠭ᠌ ᠤᠨ ᠰᠡᠭᠦᠷᠡᠰᠤ
ᠥᠡᠳᠦᠷᠯᠢᠭ᠌ ᠤᠨ ᠠᠭᠤᠵᠢᠮ ᠰᠢᠯᠢ ᠳᠤ
ᠦᠨᠦᠴᠢᠨ ᠨᠠᠷᠠᠢ ᠣᠷᠤᠩᠭ᠋ᠤ
ᠥᠭᠦᠭᠡᠷᠳᠦᠮᠡ ᠭᠦᠭᠡᠷᠦᠭᠦᠨ ᠮᠠᠢ᠌ᠯᠠᠨᠠ
ᠡᠭᠡ ᠪᠠᠨ ᠥᠭᠡᠢ᠌ᠯᠡᠵᠤ
ᠡᠮᠭᠡᠨᠢᠨ ᠭᠠᠰᠢᠭᠤᠳᠠᠨ ᠣᠭᠢᠯᠠᠨ᠎ᠠ
ᠦᠯᠦᠨ ᠭᠦᠭᠡ ᠴᠢᠨ᠋ᠸ᠎ᠠ ᠴᠤ
ᠦᠷᠦ ᠵᠢᠷᠦᠭᠡ ᠨᠢ ᠵᠥᠭᠡᠯᠡᠷᠡᠭᠡᠤᠨ
ᠦᠷᠦᠪᠳᠤᠯ ᠤᠨ ᠰᠠᠤᠠᠭᠢᠯ ᠲᠦᠷᠦᠨ᠎ᠠ
ᠣᠯᠢᠭ ᠤᠨ ᠮᠠᠭᠤ ᠰᠢᠨᠤᠯᠳᠤ ᠭᠦᠮᠤᠨ
ᠣᠷᠴᠢᠯᠠᠩ ᠤᠨ ᠠᠮᠢᠳᠠᠨ ᠤ ᠦᠰᠢᠶᠠᠳᠠᠨ ᠰᠢᠭ᠌
ᠣᠯᠠᠭᠠᠨ ᠭᠠᠯ ᠮᠤᠰᠭᠢᠭᠤᠯᠵᠤ
ᠣᠷᠰᠢᠭ ᠳᠠᠳᠠᠵᠤ ᠬᠠᠷᠠᠩᠭ᠋ᠤᠢ ᠳᠤ
ᠣᠳᠤᠭ᠎ᠠ ᠳᠠᠷᠢ ᠮᠠᠨᠠᠷᠠᠭᠤᠯᠵᠤ
ᠭᠢᠳᠤᠵᠤ ᠠᠪᠠᠯᠠᠭᠠᠤᠨ ᠭᠡᠷᠴᠡᠭᠡᠢ᠌ᠯᠡᠨᠡ
ᠦᠨᠦ ᠦᠨᠦᠴᠢᠨ ᠢᠰᠢᠭᠡ ᠴᠤ
ᠥᠷᠡᠭ᠍ᠳᠡᠵᠤ ᠭᠠᠠᠵᠤᠭᠠᠯᠠᠭᠳᠠᠭᠠᠤᠨ ᠶᠠᠪᠣᠨ᠎ᠠ
ᠴᠠᠴᠠᠷᠠᠵᠤ ᠳᠠᠭᠵᠢᠨ ᠮᠠᠢ᠌ᠯᠠᠨᠠ
ᠴᠢᠴᠠᠭ᠎ᠠ ᠠᠯᠳᠠᠨ ᠮᠠᠨᠠᠷᠠᠨ᠎ᠠ
ᠡᠭᠡ ᠪᠠᠢ᠌ᠭᠠᠯᠢ
ᠡᠯᠢᠭᠡ ᠡᠮᠳᠡᠷᠢᠨ ᠭᠠᠩᠰᠠᠷᠠᠨ᠎ᠠ
ᠡᠵᠡᠭᠦᠢ ᠨᠤᠳᠤᠭ ᠣᠰᠤ
ᠵᠢᠷᠦᠭᠡ ᠰᠢᠮᠰᠢᠷᠠᠨ ᠭᠠᠰᠠᠯᠤᠨ᠎ᠠ
ᠪᠣᠭᠤᠷᠤᠯ ᠬᠠᠢ᠌ᠷᠬᠠᠨ ᠨᠤᠭᠤᠳ
ᠪᠣᠷᠤᠭᠤ ᠬᠠᠷᠠᠨ ᠭᠠᠰᠢᠭᠤᠳᠠᠨ᠎ᠠ
ᠪᠣᠳᠠᠷᠠᠬᠤ ᠴᠠᠰᠤ ᠮᠦᠰᠤ
ᠡᠷᠴᠢᠮ ᠬᠠᠷᠠᠨ ᠭᠠᠩᠰᠠᠷᠠᠨ᠎ᠠ
ᠠᠶᠤᠯ ᠤᠨ ᠬᠠᠷ᠎ᠠ ᠢᠷᠸ᠎ᠠ
ᠠᠵᠢᠭ ᠥᠭᠡᠢ᠌ᠭᠡᠨ ᠯᠠ ᠭᠦᠡᠳᠡᠯᠡᠰᠢᠨᠡ᠃
ᠵᠤᠬᠢᠶᠠᠭᠴᠢ᠄ ᠳᠦᠭᠦᠷᠰᠦ᠋ᠷᠦᠩ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 2963
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ