ᠨᠡᠪᠲᠡᠷᠡᠨ ᠤᠷᠤᠬᠤ
ᠮᠢᠨᠤ ᠬᠠᠢ᠌ᠷᠠᠳᠤ ᠮᠤᠩᠭ᠋ᠤᠯ ᠡᠮᠡᠭᠡᠯ

ᠭᠦᠷᠦᠰᠦᠳᠤ ᠶᠢᠨ ᠨᠢᠷᠤᠭᠤᠨ ᠳᠤ ᠰᠦᠨᠳᠠᠷᠯᠠᠵᠤ ᠪᠣᠰᠤᠭᠰᠠᠨ ᠠᠴᠢᠶ᠎ᠠ ᠬᠤᠶᠠᠷ ᠬᠠᠢ᠌ᠷᠬᠠᠨ ᠪᠢᠯᠠ

ᠭᠦᠭᠡ ᠮᠤᠩᠭ᠋ᠤᠯ ᠶᠢᠡᠨ ᠪᠦᠪᠠᠢ᠌ᠯᠠᠵᠤ ᠶᠠᠪᠣᠭᠰᠠᠨ ᠬᠠᠯᠠᠭᠤᠨ ᠳᠤᠯᠠᠭᠠᠨ ᠥᠯᠦᠭᠡᠢ ᠪᠢᠯᠠ

ᠭᠦᠤ ᠶᠢᠨ ᠭᠦᠰᠡᠯ ᠢ ᠪᠠᠶᠠᠯᠠᠯ ᠳᠤ ᠭᠦᠷᠭᠡᠭ᠍ᠰᠡᠨ ᠥᠭᠡᠳᠡ ᠶᠢᠨ ᠪᠠᠯᠭᠡᠳᠤ ᠱᠠᠳᠤ ᠪᠢᠯᠠ

ᠭᠦᠮᠤᠨ ᠮᠤᠷᠢ ᠶᠢᠨ ᠬᠠᠷᠢᠴᠠᠭ᠎ᠠ ᠶᠢ ᠬᠤᠯᠪᠣᠭᠰᠠᠨ ᠮᠤᠩᠭ᠋ᠤᠯ ᠤᠨ ᠮᠤᠯᠤᠷ ᠡᠷᠳᠡᠨᠢ ᠪᠢᠯᠠ

ᠡᠨᠡ ᠪᠣᠯ ᠳᠡᠭᠡᠳᠦᠰ ᠡᠴᠠ ᠥᠯᠡᠳᠡᠭᠡᠭ᠍ᠰᠡᠨ ᠦᠪ ᠡᠷᠳᠡᠨᠢ

ᠡᠨᠡ ᠪᠣᠯ ᠮᠢᠨᠤ ᠬᠠᠢ᠌ᠷᠠᠳᠤ ᠮᠤᠩᠭ᠋ᠤᠯ ᠡᠮᠡᠭᠡᠯ

ᠬᠠᠳᠠᠭᠤ ᠪᠠᠷᠭᠡ ᠳᠤ ᠡᠷ᠎ᠡ ᠶᠢ ᠳᠠᠪᠳᠠᠭᠰᠠᠨ ᠰᠢᠯᠭᠠᠯᠳᠠ ᠰᠤᠷᠢᠯᠳᠠ ᠶᠢᠨ ᠳᠠᠯᠠᠪᠣᠷ ᠪᠢᠯᠠ

ᠬᠤᠤᠷᠳᠠᠨ ᠢ ᠳᠠᠷᠤᠬᠤ ᠳᠤ ᠰᠦᠷ ᠢ ᠨᠡᠮᠡᠭ᠍ᠰᠡᠨ ᠠᠮᠢᠨ ᠬᠤᠯᠪᠣᠭᠠᠳᠤ ᠨᠠᠢ᠌ᠵᠠ ᠪᠢᠯᠠ

ᠬᠠᠨ ᠳᠡᠯᠡᠭᠡᠢ ᠳᠤ ᠠᠯᠳᠠᠷ ᠶᠢᠡᠨ ᠮᠠᠠᠳᠤᠭᠤᠯᠤᠭᠰᠠᠨ ᠠᠮᠢᠳᠤᠷᠠᠯ ᠢ ᠪᠢᠴᠢᠭ᠍ᠰᠡᠨ ᠳᠡᠦᠭᠡ ᠪᠢᠯᠠ

ᠬᠠᠮᠢᠭ᠎ᠠ ᠣᠴᠢᠭᠰᠠᠨ ᠴᠤ ᠵᠡᠭᠦᠳᠤᠨ ᠳᠤ ᠬᠤᠨᠤᠭᠰᠢᠬᠤ ᠮᠤᠩᠭ᠋ᠤᠯ ᠭᠦᠳᠡᠭᠡ ᠨᠤᠳᠤᠭ ᠪᠢᠯᠠ

ᠡᠨᠡ ᠪᠣᠯ ᠳᠡᠭᠡᠳᠦᠰ ᠡᠴᠠ ᠥᠯᠡᠳᠡᠭᠡᠭ᠍ᠰᠡᠨ ᠦᠪ ᠡᠷᠳᠡᠨᠢ

ᠡᠨᠡ ᠪᠣᠯ ᠮᠢᠨᠤ ᠬᠠᠢ᠌ᠷᠠᠳᠤ ᠮᠤᠩᠭ᠋ᠤᠯ ᠡᠮᠡᠭᠡᠯ

ᠭᠠᠷᠬᠠᠠᠳᠤ ᠣᠯᠤᠩ ᠢ ᠨᠢ ᠴᠢᠩᠭ᠋ᠠᠯᠠᠬᠤ ᠳᠤ ᠠᠭᠳᠠ ᠶᠢᠨ ᠵᠢᠪᠬᠤᠭ᠎ᠠ ᠶᠢ ᠪᠠᠳᠠᠷᠠᠭᠤᠯᠳᠠᠭ

ᠭᠠᠩ ᠳᠦᠷᠦᠭᠡ ᠶᠢ ᠨᠢ ᠭᠢᠰᠭᠢᠭᠦ ᠳᠤ ᠠᠪᠣ ᠶᠢᠨ ᠭᠦᠤ ᠶᠢ ᠣᠮᠤᠭᠰᠢᠭᠤᠯᠳᠠᠭ

ᠮᠦᠩᠭᠦᠨ ᠵᠢᠯᠤᠭᠤ ᠶᠢ ᠨᠢ ᠰᠤᠩᠭ᠋ᠠᠬᠤ ᠳᠤ ᠠᠯᠤᠰ ᠢᠷᠡᠭᠡᠳᠦᠢ ᠶᠢ ᠤᠢ᠌ᠷᠠᠳᠤᠭᠤᠯᠳᠠᠭ

ᠠᠯᠳᠠᠨ ᠭᠠᠠᠵᠤᠭ᠎ᠠ ᠶᠢ ᠨᠢ ᠳᠠᠢ᠌ᠯᠬᠤ ᠳᠤ ᠡᠳ᠋ ᠡᠷᠳᠡᠨᠢᠰ ᠶᠢᠡᠷ ᠪᠠᠶᠠᠯᠢᠭᠵᠢᠭᠤᠯᠳᠠᠭ

ᠡᠨᠡ ᠪᠣᠯ ᠳᠡᠭᠡᠳᠦᠰ ᠡᠴᠠ ᠥᠯᠡᠳᠡᠭᠡᠭ᠍ᠰᠡᠨ ᠦᠪ ᠡᠷᠳᠡᠨᠢ

ᠡᠨᠡ ᠪᠣᠯ ᠮᠢᠨᠤ ᠬᠠᠢ᠌ᠷᠠᠳᠤ ᠮᠤᠩᠭ᠋ᠤᠯ ᠡᠮᠡᠭᠡᠯ

ᠪᠠᠭᠠᠪᠣᠷ ᠳᠠᠷᠤᠭᠤᠯᠭ᠎ᠠ ᠭᠢᠷ᠎ᠠ ᠳ᠋ᠤᠨᠢ ᠨᠠᠷᠠᠨ ᠰᠠᠷᠠᠨ ᠤ ᠭᠢᠯᠪᠠᠭ᠎ᠠ ᠳᠠᠢ

ᠪᠣᠯᠢᠭᠠᠷᠢ ᠭᠦᠯᠢᠮ ᠤᠨ ᠭᠢᠨᠢ ᠣᠭᠠᠯᠵᠠᠨ ᠳ᠋ᠤᠨᠢ ᠭᠤᠤᠯ ᠮᠦᠷᠠᠨ ᠤ ᠮᠢᠷᠠᠯᠵᠠᠭᠠᠨ ᠳᠠᠢ

ᠬᠠᠪᠳᠠᠰᠤ ᠪᠦᠭᠦᠷᠭᠡ ᠬᠤᠶᠠᠷ ᠳᠤᠨᠢ ᠪᠠᠳᠤ ᠨᠢᠭᠳᠠᠷᠠᠯ ᠤᠨ ᠪᠠᠯᠭᠡᠳᠡᠯ ᠳᠠᠢ

ᠭᠢᠯᠭᠠᠰᠤ ᠨᠤᠤᠰᠤᠨ ᠳᠤᠬᠤᠮ ᠳ᠋ᠤᠨᠢ ᠭᠢᠮᠠᠭ᠎ᠠ ᠬᠠᠢ᠌ᠷ᠎ᠠ ᠶᠢᠨ ᠰᠤᠶᠤᠷᠬᠠᠯ ᠳᠠᠢ

ᠡᠨᠡ ᠪᠣᠯ ᠳᠡᠭᠡᠳᠦᠰ ᠡᠴᠠ ᠥᠯᠡᠳᠡᠭᠡᠭ᠍ᠰᠡᠨ ᠦᠪ ᠡᠷᠳᠡᠨᠢ

ᠡᠨᠡ ᠪᠣᠯ ᠮᠢᠨᠤ ᠬᠠᠢ᠌ᠷᠠᠳᠤ ᠮᠤᠩᠭ᠋ᠤᠯ ᠡᠮᠡᠭᠡᠯ



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ