☆ ᠮᠤᠩᠭ᠋ᠤᠯᠰᠤᠶᠤᠯ
ᠴᠠᠰᠤ
ᠳᠡᠭᠡᠳᠤ ᠳᠡᠭ᠍ᠷᠢ ᠡᠴᠡ
ᠳᠡᠭᠡᠪᠦᠷ ᠭᠡᠷ ᠢ ᠮᠢᠨᠢ
ᠥᠩᠭᠡᠰᠢᠭᠦᠯᠵᠤ ᠮᠢᠯᠢᠶᠠᠭᠰᠠᠨ
ᠰᠦᠨ ᠰᠠᠴᠤᠯᠢ
ᠳᠡᠭ᠍ᠵᠢᠷᠡᠵᠤ ᠥᠭᠡᠳᠡᠯᠡᠭᠦ
ᠳᠠᠮᠪᠠᠷᠢᠯ ᠪᠠᠯᠭᠡ ᠶᠢᠨ
ᠭᠡᠰᠢᠭ᠌ ᠬᠤᠷᠣᠢ᠌ᠯᠠᠭᠰᠠᠨ
ᠰᠠᠮᠪᠠᠢ ᠬᠠᠳᠠᠭ
ᠬᠠᠪᠣᠷ ᠤᠨ ᠰᠤᠷᠠᠭ ᠴᠢᠩᠨᠠᠵᠤ
ᠬᠠᠯᠠᠭᠤᠨ ᠭᠦᠷᠦᠰᠤᠨ ᠳᠡᠭᠡᠨ
ᠬᠠᠢ᠌ᠷᠠᠯᠠᠨ ᠰᠤᠶᠤᠷᠬᠠᠭᠰᠠᠨ
ᠠᠷᠢᠭᠤᠨ ᠰᠢᠮ᠎ᠠ
ᠬᠠᠢ᠌ᠷ᠎ᠠ ᠪᠠᠷ ᠣᠶᠠᠰᠤᠭᠰᠠᠨ
ᠭᠦᠭᠡᠭᠡ ᠡᠪᠦᠯ ᠤᠨ
ᠭᠦᠯᠢᠶᠡᠭᠦ ᠳᠡᠭᠡᠨ ᠣᠨᠠᠭᠠᠭᠰᠠᠨ
ᠬᠠᠯᠠᠭᠤᠨ ᠨᠢᠯᠪᠣᠰᠤ
ᠬᠤᠯᠠ ᠶᠢᠨ ᠴᠢᠮ᠎ᠠ ᠪᠠᠨ
ᠳᠤᠷᠠᠰᠤᠨ ᠮᠦᠷᠦᠭᠡᠳᠭᠦ ᠳ᠋ᠡᠭᠡᠨ
ᠬᠠᠶᠢᠭᠯᠠᠨ ᠪᠢᠴᠢᠭ᠍ᠰᠡᠨ
ᠬᠠᠢ᠌ᠷ᠎ᠠ ᠶᠢᠨ ᠵᠠᠭᠢᠶ᠎ᠠ
ᠬᠤᠪᠢᠠᠴᠢᠷᠬᠠᠨ ᠰᠠᠨᠠᠵᠤ
ᠣᠴᠠᠷᠠᠯ ᠤᠨ ᠪᠣᠯᠵᠤᠭᠠᠨ ᠳᠤ
ᠶᠠᠭᠠᠷᠠᠨ ᠰᠠᠪᠠᠯᠠᠭᠰᠠᠨ
ᠵᠢᠷᠦᠭᠡᠨ ᠴᠤᠭᠢᠯᠭ᠎ᠠ ᠁
ᠵᠤᠬᠢᠶᠠᠭᠴᠢ ᠶᠢᠨ ᠬᠠᠶᠢᠭ ᠄ ᠵᠠᠷᠤᠳ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 11 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ