ᠨᠡᠪᠲᠡᠷᠡᠨ ᠤᠷᠤᠬᠤ
ᠵᠢᠱᠢᠶ᠎ᠠ

ᠬᠤᠩᠭ᠋ᠤᠷ ᠰᠠᠯᠭᠢᠨ ᠥᠯᠢᠶᠡᠭ᠍ᠰᠡᠨ ᠬᠠᠪᠣᠷ ᠤᠨ ᠴᠢᠭᠢᠭᠯᠡᠭ᠌ ᠡᠳᠦᠷ

ᠬᠤᠨᠢ ᠬᠠᠷᠢᠭᠤᠯᠤᠭᠰᠠᠨ ᠭᠡᠦᠭᠡᠨ ᠲᠡᠶ ᠣᠴᠠᠷᠠᠵᠤ ᠪᠠᠢ᠌ᠨ᠎ᠠ ᠭᠡᠵᠤ ᠵᠢᠱᠢᠶ᠎ᠠ᠂

ᠬᠤᠨᠢ ᠳᠠᠭᠠᠨ ᠠᠳᠠᠯᠢ ᠨᠤᠮᠤᠬᠠᠨ᠂ ᠭᠦᠭᠡᠷᠦᠭᠦᠨ ᠡᠨᠡ ᠭᠡᠦᠭᠡᠨ

ᠬᠤᠤᠰ ᠠᠯᠠᠭ ᠨᠢᠳᠤ ᠪᠠᠷ ᠶᠢᠡᠨ ᠨᠠᠮᠢ᠋ᠢ ᠰᠢᠷᠳᠠᠵᠤ ᠪᠠᠢ᠌ᠨ᠎ᠠ ᠭᠡᠵᠤ ᠵᠢᠱᠢᠶ᠎ᠠ᠃

ᠣᠯᠠᠭᠠᠨ ᠳᠤᠷᠭᠠᠨ ᠠᠯᠴᠢᠭᠤᠷ ᠨᠢ ᠳᠠᠷᠪᠠᠯᠵᠠᠵᠤ ᠪᠠᠢ᠌ᠨ᠎ᠠ ᠭᠡᠵᠤ ᠵᠢᠱᠢᠶ᠎ᠠ

ᠣᠬᠠᠭᠠᠨ ᠰᠠᠨᠠᠭ᠎ᠠ ᠮᠢᠨᠢ ᠳᠠᠭᠠᠭᠠᠤᠨ ᠡᠷᠪᠠᠯᠵᠡᠵᠤ ᠪᠠᠢ᠌ᠨ᠎ᠠ ᠭᠡᠵᠤ ᠵᠢᠱᠢᠶ᠎ᠠ᠂

ᠣᠯᠠᠨ ᠨᠤᠮ ᠳᠤ ᠬᠠᠷᠠᠭᠳᠠᠳᠠᠭ ᠬᠠᠢ᠌ᠷ᠎ᠠ ᠭᠡᠳᠡᠭ᠌ ᠶᠠᠭᠤᠮ᠎ᠠ ᠨᠢ

ᠣᠳᠤ ᠨᠠᠳᠠᠳᠤ ᠳᠤᠯᠭᠠᠷᠠᠭᠠᠤᠨ ᠰᠠᠠᠳᠤᠷᠭᠠᠵᠤ ᠪᠠᠢ᠌ᠨ᠎ᠠ ᠭᠡᠵᠤ ᠵᠢᠱᠢᠶ᠎ᠠ᠃

ᠭᠦᠷᠦᠰᠦᠯᠢᠭ᠌ ᠪᠣᠷᠤ ᠬᠠᠴᠠᠷ ᠮᠢᠨᠢ ᠨᠢᠯᠴᠢᠭᠢᠨᠠᠵᠤ ᠪᠠᠢ᠌ᠨ᠎ᠠ ᠭᠡᠵᠤ ᠵᠢᠱᠢᠶ᠎ᠠ

ᠭᠦᠤ ᠭᠦᠮᠤᠨ ᠪᠣᠯᠬᠤᠷ ᠶᠢᠡᠨ ᠵᠤᠷᠢᠭᠳᠠᠢ ᠪᠠᠢ᠌ᠨ᠎ᠠ ᠭᠡᠵᠤ ᠵᠢᠱᠢᠶ᠎ᠠ᠂

ᠭᠦᠷᠴᠤ ᠣᠴᠢᠭᠠᠤᠨ ᠭᠠᠷ ᠢ ᠨᠢ ᠠᠳᠬᠤᠵᠤ ᠪᠠᠢ᠌ᠨ᠎ᠠ ᠭᠡᠵᠤ ᠵᠢᠱᠢᠶ᠎ᠠ

《ᠭᠦᠢ ᠴᠠᠭᠠᠰᠢ ᠪᠠᠨ》 ᠭᠡᠪᠠᠴᠤ ᠭᠦᠳᠡᠯᠭᠦ ᠦᠭᠡᠶ ᠪᠠᠢ᠌ᠨ᠎ᠠ ᠭᠡᠵᠤ ᠵᠢᠱᠢᠶ᠎ᠠ᠃

ᠠᠯᠳᠠᠭᠠᠨ᠎ᠠ ᠡᠩᠭᠡᠷ ᠨᠦᠮᠦᠷᠢᠳᠤᠵᠤ ᠰᠠᠭᠤᠵᠤ ᠪᠠᠢ᠌ᠨ᠎ᠠ ᠭᠡᠵᠤ ᠵᠢᠱᠢᠶ᠎ᠠ

ᠠᠷᠪᠠᠨ ᠨᠢ᠋ᠮᠠ ᠭᠦᠷᠳᠡᠯᠡᠭᠢ ᠪᠠᠨ ᠶᠠᠷᠢᠯᠴᠠᠵᠤ ᠪᠠᠢ᠌ᠨ᠎ᠠ ᠭᠡᠵᠤ ᠵᠢᠱᠢᠶ᠎ᠠ᠂

ᠠᠰᠠᠭᠠᠭᠰᠠᠨ ᠭᠠᠯ ᠰᠢᠭ ᠬᠠᠢ᠌ᠷ᠎ᠠ ᠶᠢᠨ ᠦᠨᠦᠭᠢ ᠳᠠᠷᠠᠰᠤ ᠶᠢ

ᠠᠯᠠᠭ ᠨᠢᠳᠤᠨ ᠳᠡᠭᠡᠨ ᠭᠡᠮᠨᠡᠭᠡᠳ ᠪᠠᠷᠢᠵᠤ ᠪᠠᠢ᠌ᠨ᠎ᠠ ᠭᠡᠵᠤ ᠵᠢᠱᠢᠶ᠎ᠠ᠃

ᠪᠠᠭᠡᠷᠡᠭ᠍ᠰᠡᠨ ᠭᠠᠷ ᠢ ᠨᠢ ᠡᠪᠦᠷᠯᠡᠭᠡᠳ ᠪᠦᠯᠢᠶᠡᠰᠭᠡᠵᠤ ᠪᠠᠢ᠌ᠨ᠎ᠠ ᠭᠡᠵᠤ ᠵᠢᠱᠢᠶ᠎ᠠ

ᠪᠠᠭᠡᠨ ᠬᠠᠷ᠎ᠠ ᠭᠡᠵᠢᠭᠡ ᠶᠢ ᠨᠢ ᠢᠯᠢᠭᠡᠳ ᠥᠭᠦᠭᠡᠷᠳᠡᠵᠤ ᠪᠠᠢ᠌ᠨ᠎ᠠ ᠭᠡᠵᠤ ᠵᠢᠱᠢᠶ᠎ᠠ᠂

ᠪᠠᠯᠠᠨ ᠬᠠᠢ᠌ᠷ᠎ᠠ ᠶᠢᠨ ᠣᠷᠤᠭᠤᠯ ᠶᠢᠡᠷ ᠦᠨᠦᠰᠴᠤ ᠪᠠᠢ᠌ᠨ᠎ᠠ ᠭᠡᠵᠤ ᠵᠢᠱᠢᠶ᠎ᠠ

ᠪᠠᠷᠢ ᠨᠥᠭᠦᠷ ᠪᠣᠯᠬᠤ ᠳᠤᠬᠠᠢ ᠠᠠᠳᠠᠭᠠᠢ᠌ᠯᠠᠵᠤ ᠪᠠᠢ᠌ᠨ᠎ᠠ ᠭᠡᠵᠤ ᠵᠢᠱᠢᠶ᠎ᠠ᠃

ᠥᠭᠡᠷ᠎ᠡ ᠭᠦᠮᠤᠨ ᠬᠠᠷᠠᠬᠤ ᠡᠴᠡ ᠠᠶᠤᠵᠤ ᠬᠠᠯᠬᠠᠯᠠᠵᠤ ᠪᠠᠢ᠌ᠨ᠎ᠠ ᠭᠡᠵᠤ ᠵᠢᠱᠢᠶ᠎ᠠ

ᠡᠳᠦᠷ ᠤᠨ ᠨᠠᠷᠠᠨ ᠠᠭᠤᠯᠠ ᠶᠢᠨ ᠳᠤᠯᠤᠭᠠᠢ ᠰᠢᠭᠦᠷᠴᠤ ᠪᠠᠢ᠌ᠨ᠎ᠠ ᠭᠡᠵᠤ ᠵᠢᠱᠢᠶ᠎ᠠ᠂

ᠡᠷᠭᠢᠭᠡᠳ ᠮᠠᠷᠭᠠᠰᠢ ᠠᠭᠤᠯᠵᠠᠬᠤ ᠪᠠᠨ ᠪᠣᠯᠵᠤᠵᠤ ᠪᠠᠢ᠌ᠨ᠎ᠠ ᠭᠡᠵᠤ ᠵᠢᠱᠢᠶ᠎ᠠ᠂

ᠦᠨᠳᠦᠰᠦ ᠭᠦᠭᠡᠭᠡᠭ᠍ᠰᠡᠨ ᠬᠤᠨᠢᠳ ᠶᠢᠡᠨ ᠭᠡᠭᠡᠭᠡᠳ ᠡᠷᠢᠵᠤ ᠪᠠᠢ᠌ᠨ᠎ᠠ ᠭᠡᠵᠤ ᠵᠢᠱᠢᠶ᠎ᠠ᠃

ᠭᠡᠦᠭᠡᠨ ᠭᠡᠷ ᠲᠡᠭᠡᠨ ᠬᠠᠷᠢᠭᠠᠤᠨ ᠵᠠᠩᠨᠠᠭᠳᠠᠵᠤ ᠪᠠᠢ᠌ᠨ᠎ᠠ ᠭᠡᠵᠤ ᠵᠢᠱᠢᠶ᠎ᠠ

ᠭᠦᠮᠤᠨ ᠤ ᠭᠦᠤ ᠲᠡᠶ ᠰᠠᠭᠤᠭᠰᠠᠨ ᠶᠢᠡᠨ ᠨᠢᠭᠤᠵᠤ ᠪᠠᠢ᠌ᠨ᠎ᠠ ᠭᠡᠵᠤ ᠵᠢᠱᠢᠶ᠎ᠠ᠂

ᠭᠦᠴᠤᠨ ᠤ ᠬᠤᠨᠢᠴᠢᠨ ᠶᠢᠡᠨ ᠳᠠᠭᠤᠳᠠᠭᠤᠯᠬᠤ ᠶᠢ ᠨᠢ ᠰᠤᠨᠤᠰᠴᠤ ᠪᠠᠢ᠌ᠨ᠎ᠠ ᠭᠡᠵᠤ ᠵᠢᠱᠢᠶ᠎ᠠ

ᠭᠦᠡᠵᠢᠯᠡ ᠳᠡᠭᠡᠨ ᠰᠢᠷᠭᠤᠭᠰᠠᠨ ᠭᠡᠦᠭᠡᠨ ᠮᠡᠭ᠍ᠰᠢᠵᠤ ᠪᠠᠢ᠌ᠨ᠎ᠠ ᠭᠡᠵᠤ ᠪᠢᠴᠢᠶ᠎ᠠ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ