☆ ᠡᠷᠳᠡᠨᠢᠪᠠᠭᠠᠨ᠎ᠠ
ᠪᠢ ᠳᠠᠨ ᠤ ᠭᠢ
(ᠳᠠᠭᠤᠨ ᠤ ᠰᠢᠯᠦᠭ᠌)
ᠭᠦᠭᠡ ᠳᠡᠭ᠍ᠷᠢ ᠭᠡᠳᠦᠢ ᠴᠡᠩᠭᠡᠷᠯᠡᠯᠡ ᠴᠤ
ᠭᠦᠰᠡᠭᠦ ᠰᠡᠳᠭᠢᠯ ᠮᠢᠨᠢ ᠳᠠᠨ ᠤ ᠭᠢ
ᠭᠦᠳᠡᠭᠡ ᠳᠠᠯ᠎ᠠ ᠭᠡᠳᠦᠢ ᠳᠠᠨᠢ᠌ᠯᠠ ᠴᠤ
ᠭᠦᠷᠭᠦ ᠵᠠᠮ ᠮᠢᠨᠢ ᠳᠠᠨ ᠤ ᠭᠢ
ᠡᠭᠡ ᠣᠷᠤᠨ ᠮᠢᠨᠢ
ᠣᠴᠢᠷ ᠨᠢ ᠪᠢ ᠡᠭᠡ ᠣᠷᠤᠨ ᠤ ᠭᠢ
ᠬᠠᠪᠣᠷ ᠤᠨ ᠰᠠᠯᠭᠢᠨ ᠭᠡᠳᠦᠢ ᠦᠨᠦᠰᠤᠯ᠎ᠠ ᠴᠤ
ᠬᠠᠢ᠌ᠷ᠎ᠠ ᠶᠢᠨ ᠳᠠᠭᠤᠤ ᠮᠢᠨᠢ ᠳᠠᠨ ᠤ ᠭᠢ
ᠵᠤᠨ ᠤ ᠴᠡᠴᠡᠭ᠌ ᠭᠡᠳᠦᠢ ᠠᠩᠭᠢᠯᠤᠯᠠ ᠴᠤ
ᠬᠤᠩᠭ᠋ᠤᠷᠬᠠᠨ ᠠᠮᠢᠰᠬᠤᠯ ᠮᠢᠨᠢ ᠳᠠᠨ ᠤ ᠭᠢ
ᠡᠭᠡ ᠣᠷᠤᠨ ᠮᠢᠨᠢ
ᠣᠴᠢᠷ ᠨᠢ ᠪᠢ ᠳᠠᠨ ᠤ ᠭᠢ
ᠨᠠᠮᠤᠷ ᠤᠨ ᠵᠢᠮᠢᠰ ᠭᠡᠳᠦᠢ ᠣᠠᠵᠢᠭᠢᠨᠠᠯᠠ ᠴᠤ
ᠭᠦᠳᠡᠯᠮᠦᠷᠢ ᠶᠢᠨ ᠭᠦᠯᠦᠰᠤ ᠮᠢᠨᠢ ᠳᠠᠨ ᠤ ᠭᠢ
ᠨᠠᠪᠴᠢ ᠡᠪᠠᠰᠤ ᠭᠡᠳᠦᠢ ᠵᠤᠯᠭᠠᠷᠠᠯᠠ ᠴᠤ
ᠭᠦᠷᠪᠠᠯᠵᠡᠭᠦ ᠰᠤᠳᠠᠰᠤ ᠮᠢᠨᠢ ᠳᠠᠨ ᠤ ᠭᠢ
ᠡᠭᠡ ᠣᠷᠤᠨ ᠮᠢᠨᠢ
ᠣᠴᠢᠷ ᠨᠢ ᠪᠢ ᠳᠠᠨ ᠤ ᠭᠢ
ᠮᠠᠯ ᠰᠦᠷᠦᠭ᠌ ᠭᠡᠳᠦᠢ ᠪᠠᠯᠴᠢᠯᠠ ᠴᠤ
ᠮᠠᠩᠨᠤᠭ ᠳᠠᠯ᠎ᠠ ᠮᠢᠨᠢ ᠳᠠᠨ ᠤ ᠭᠢ
ᠡᠵᠢ ᠠᠪᠣ ᠮᠢᠨᠢ ᠭᠡᠳᠦᠢ ᠰᠠᠨᠠᠯ᠎ᠠ ᠴᠤ
ᠡᠷᠳᠡᠨᠢᠳᠤ ᠰᠤᠷᠭᠠᠯ ᠨᠢ ᠳᠠᠨ ᠤ ᠭᠢ
ᠡᠭᠡ ᠣᠷᠤᠨ ᠮᠢᠨᠢ
ᠣᠴᠢᠷ ᠨᠢ ᠪᠢ ᠳᠠᠨ ᠤ ᠭᠢ
ᠬᠠᠷᠠᠵᠠ ᠪᠣᠯᠠᠭ ᠭᠡᠳᠦᠢ ᠣᠠᠳᠤᠷᠤᠯᠠ ᠴᠤ
ᠬᠠᠯᠠᠭᠤᠨ ᠮᠠᠯᠮᠠᠢ ᠮᠢᠨᠢ ᠳᠠᠨ ᠤ ᠭᠢ
ᠬᠤᠷ᠎ᠠ ᠪᠣᠷᠤᠭᠠᠨ ᠭᠡᠳᠦᠢ ᠵᠦᠰᠠᠷᠠᠯᠠ ᠴᠤ
ᠭᠦᠯ ᠤᠨ ᠮᠦᠷ ᠮᠢᠨᠢ ᠳᠠᠨ ᠤ ᠭᠢ
ᠡᠭᠡ ᠣᠷᠤᠨ ᠮᠢᠨᠢ
ᠣᠴᠢᠷ ᠨᠢ ᠪᠢ ᠳᠠᠨ ᠤ ᠭᠢ
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11793
ᠴᠠᠭ᠄ 2013 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ