☆ ᠭᠤ᠋·ᠠᠯᠮᠠᠰ
ᠪᠠᠢ᠌ᠭᠠᠯᠢ᠂ ᠭᠦᠰᠡᠯ᠂ ᠠᠮᠢᠵᠢᠷᠠᠯ
1
ᠰᠠᠷᠢᠳᠠᠭ ᠊ᠤᠳ
ᠴᠠᠭᠠᠨ᠎ᠠ ᠪᠠᠨ ᠰᠦᠮᠪᠦᠷᠯᠠᠨᠠ
ᠴᠠᠰᠤᠳᠤ ᠮᠥᠩᠭᠦᠨ ᠬᠤᠴᠢᠯᠭᠠᠨ ᠳᠤ ᠨᠢ
ᠴᠢᠰᠤᠨ ᠤ ᠮᠦᠷ ᠳᠤᠳᠤᠷᠠᠨ᠎ᠠ
2
ᠰᠠᠢ᠌ᠬᠠᠨ ᠴᠡᠩᠭᠡᠷ ᠠᠭᠤᠯᠠᠰ ᠶᠢᠡᠷ ᠵᠢᠠᠨ
ᠰᠤᠳᠤ ᠥᠰᠦᠭ᠍ᠰᠡᠨ ᠪᠣᠭᠤ
ᠰᠠᠨᠠᠭ᠎ᠠ ᠮᠠᠭᠤᠳᠠᠨ ᠤ ᠭᠠᠯ ᠵᠡᠪᠰᠡᠭ᠌ ᠡᠴᠡ
ᠴᠠᠭᠢᠯᠬᠤ ᠭᠦᠰᠡᠯ ᠶᠢᠡᠷ ᠶᠢᠡᠨ ᠮᠤᠯᠳᠤᠷᠠᠨᠠ
3
ᠮᠥᠩᠭᠦᠨ ᠰᠠᠷᠢᠳᠠᠭ ᠊ᠤᠨ
ᠨᠠᠮᠤᠭᠤᠬᠠᠨ ᠢᠰᠭᠡᠷᠭᠦ ᠭᠦᠡᠳᠡᠢ ᠳ᠋ᠤ
ᠰᠢᠷᠬ᠎ᠠ ᠲᠡᠶ ᠪᠣᠭᠤ
ᠰᠤᠭᠤ ᠲᠡᠶ ᠪᠠᠨ
ᠰᠦᠨᠢ ᠶᠢ ᠨᠥᠭ᠍ᠴᠢᠭᠡᠨ᠎ᠡ
4
ᠡᠷᠢᠶᠡᠨ ᠬᠤᠷᠸ᠎ᠠ ᠵᠢᠨ
ᠡᠯᠳᠡᠪ ᠵᠤᠪᠠᠯᠠᠩ ᠡᠴᠡ
ᠡᠭᠡ ᠪᠣᠯᠤᠭᠰᠠᠨ ᠪᠠᠢ᠌ᠭᠠᠯᠢ ᠨᠢ ᠯᠠ
ᠠᠮᠢᠳᠤᠷᠠᠯ ᠳᠤ ᠳᠡᠮᠤᠯᠡᠭ᠍ᠰᠡᠨ ᠠᠮᠢᠳᠠᠤᠨ ᠊ᠤᠨ
ᠴᠢᠰᠤᠨ ᠤ ᠳᠤᠶᠠᠭ᠎ᠠ ᠲᠡᠶ ᠣᠷᠤᠮ ᠢ
ᠴᠠᠰᠤᠨ ᠳᠤ ᠪᠠᠨ ᠰᠢᠩᠭᠡᠭᠡᠨ
ᠴᠢᠪᠢᠯᠳᠠᠨ ᠨᠢᠭᠦᠯᠳᠡᠨ ᠡᠴᠡ ᠬᠠᠮᠠᠭᠠᠯᠠᠨ᠎ᠠ᠃
ᠵᠤᠬᠢᠶᠠᠭᠴᠢ᠄ ᠭᠤ᠋·ᠠᠯᠮᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2009 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ