☆ ᠨᠠᠷᠠᠠᠳᠤᠶᠠᠭ᠎ᠠ
ᠨᠤᠮᠤᠬᠠᠨ ᠬᠠᠷ᠎ᠠ ᠭᠦᠤ
ᠳᠠᠩᠴᠢ ᠰᠠᠢ᠌ᠬᠠᠨ ᠰᠤᠷᠮᠤᠤᠰᠤ ᠪᠠᠨ
ᠳᠠᠯᠢᠮᠢᠶᠠᠬᠠᠨ ᠴᠠᠪᠴᠢᠯᠠᠵᠤ
ᠳᠡᠩᠳᠡᠭᠦᠤ ᠭᠤᠶᠤᠬᠠᠨ ᠳᠦᠷᠭᠦ ᠪᠠᠷ
ᠳᠤᠮᠪᠣᠢ᠌ᠵᠤ ᠰᠠᠭᠤᠭ᠎ᠠ ᠳᠠᠷᠠ ᠮᠢᠨᠢ
ᠠᠠᠳᠠᠭᠤᠷᠠᠵᠤ ᠨᠢᠭᠡ ᠬᠠᠷᠠᠪᠠᠯ
ᠦᠬᠢᠨ ᠭᠦᠮᠤᠨ ᠭᠡᠮᠡᠷ
ᠠᠭᠢᠭᠠᠤᠨ ᠵᠢᠭᠠᠬᠠᠨ ᠯᠠᠪᠳᠠᠭᠤᠯᠪᠠᠯ
ᠠᠷᠭ᠎ᠠ ᠦᠭᠡᠶ ᠨᠤᠮᠤᠬᠠᠨ ᠬᠠᠷ᠎ᠠ ᠭᠦᠤ ᠶᠤᠮ
ᠭᠡᠨᠡᠨ ᠴᠠᠭᠠᠨ ᠳᠤᠷᠠᠯᠠᠯ ᠴᠢᠨᠢ
ᠭᠡᠨ ᠳᠡᠭᠡᠷ᠎ᠡ ᠣᠴᠢᠬᠤ ᠭᠡᠵᠤ ᠶᠠᠪᠣᠭ᠎ᠠ ᠪᠣᠯ︖
ᠭᠢᠯᠢ ᠶᠢᠨ ᠵᠠᠭᠠᠭ ᠳᠠᠪᠠᠭᠤᠯᠵᠤ
ᠭᠢᠯ᠎ᠠ ᠬᠠᠷ᠎ᠠ ᠦᠰᠦ ᠪᠠᠨ ᠴᠢ
ᠭᠡᠨ ᠤ ᠲᠦᠯᠦᠭᠡ ᠭᠡᠵᠤ ᠬᠤᠰᠤᠭᠠ ᠪᠣᠯ︖
ᠨᠤᠮᠤᠬᠠᠨ ᠬᠠᠷ᠎ᠠ ᠭᠦᠤ ᠴᠢᠮ᠎ᠠ ᠵᠢ
ᠨᠤᠮ ᠤᠨ ᠴᠢᠭᠤᠯᠭᠠᠨ ᠳᠤ ᠳᠠᠨᠢᠭᠰᠠᠨ ᠶᠤᠮ
ᠨᠤᠳᠤᠭ ᠤᠨ ᠴᠢᠯᠠᠭᠤᠳ ᠲᠡᠶ ᠳᠦᠰᠦᠷᠭᠡᠭᠦ ᠪᠠᠷ ᠴᠢᠨᠢ
ᠨᠢᠭᠤᠯᠳᠠ ᠦᠭᠡᠶ ᠮᠢᠨᠤ ᠰᠡᠳᠭᠢᠯ ᠤᠨ ᠬᠠᠢ᠌ᠯᠳᠠ ᠭᠡᠮᠡᠨ ᠰᠠᠨᠠᠭᠰᠠᠨ ᠶᠤᠮ
ᠪᠦᠯᠢᠶᠡᠨ ᠬᠠᠯᠠᠭᠤᠬᠠᠨ ᠵᠢᠷᠦᠭᠡᠨ ᠳᠤ ᠴᠢᠨᠢ
ᠪᠠᠭᠳᠠᠭᠠᠤᠨ ᠪᠠᠢ᠌ᠮᠠᠷ ᠪᠣᠳᠤᠭᠰᠠᠨ ᠶᠤᠮ
ᠮᠠᠭᠠᠤᠨ ᠦᠭᠡᠶ ᠳᠠᠷᠠ ᠪᠣᠳᠤᠯ
ᠮᠠᠷᠭᠠᠰᠢ ᠨᠢ ᠪᠣᠯᠬᠤ ᠪᠠᠷ ᠪᠣᠷᠤᠭᠤᠳᠠᠭᠰᠠᠨ ᠶᠤᠮᠠᠢ
ᠬᠤᠩᠭ᠋ᠤᠷ ᠵᠢᠭᠠᠬᠠᠨ ᠦᠬᠢᠨ ᠳᠠᠢ
ᠰᠤᠭᠤᠳᠠᠭᠠᠤᠨ ᠭᠠᠷᠬᠤ ᠶᠢ ᠴᠢᠨᠢ ᠬᠠᠷᠠᠭᠠᠤᠨ
ᠬᠤᠷᠸ᠎ᠠ ᠳᠡᠯᠡᠭᠡᠢ ᠠᠭᠤᠵᠢᠮ ᠶᠤᠮ ᠬᠣᠢ᠌ᠨ᠎ᠠ
ᠬᠤᠪᠢ ᠵᠠᠶᠠᠭ᠎ᠠ ᠳᠦᠭᠡᠷᠢᠭᠦ ᠦᠭᠡᠶ ᠯᠠ ᠪᠠᠢ᠌ᠭᠠᠰᠠᠢ ᠭᠡᠮᠡᠯᠡ
ᠨᠢᠭᠡ ᠯᠠ ᠰᠠᠢ᠌ᠬᠠᠨ ᠣᠷᠴᠢᠯᠠᠩ ᠳ᠋ᠤ
ᠨᠢᠭᠦᠯᠡᠰᠦᠭᠦ ᠳᠠᠪᠢᠯᠠᠩ ᠬᠤᠯᠪᠣᠭᠰᠠᠨ ᠥᠭᠡᠢ
ᠣᠢ᠌ᠤᠠᠬᠠᠷᠯᠠᠬᠤ ᠣᠯᠠᠨ ᠬᠤᠨᠤᠭ ᠳᠤ
ᠣᠴᠠᠷᠠᠯ ᠤᠨ ᠬᠠᠶᠢᠭ ᠴᠢᠨᠢ ᠣᠯᠳᠠᠭᠰᠠᠨ ᠦᠭᠡᠶ
ᠣᠳᠠᠵᠤ ᠨᠢᠭᠡ ᠰᠤᠨᠤᠰᠬᠤ ᠳ᠋ᠤ
ᠣᠷᠤᠭ ᠶᠢᠡᠨ ᠭᠢᠭ᠍ᠰᠡᠨ ᠭᠡᠵᠤ ᠳᠤᠭᠤᠯᠬᠤ ᠶᠤᠮ᠃
ᠵᠤᠬᠢᠶᠠᠭᠴᠢ ᠶᠢᠨ ᠬᠠᠶᠢᠭ᠄ ᠵᠡᠭᠦᠨ ᠦᠵᠦᠮᠵᠤᠴᠢᠨ ᠬᠤᠰᠢᠭᠤ
ᠵᠤᠬᠢᠶᠠᠭᠴᠢ᠄ ᠨᠠᠷᠠᠠᠳᠤᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 07 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ