☆ ᠡᠰᠨᠢᠯ
ᠳᠠᠢ᠌ᠴᠢᠠᠳᠠᠯ᠎ᠠ ᠭᠠᠴᠠᠭᠠᠨ ᠤ ᠮᠠᠭᠳᠠᠭᠠᠯ
ᠳᠠᠪᠤᠨ ᠳᠤᠯᠤᠭᠠᠢ ᠪᠠᠷ ᠳᠦᠰᠢᠯᠭᠡ ᠳᠠᠢ
ᠳᠠᠢ᠌ᠴᠢᠨ ᠬᠠᠭ ᠶᠢᠡᠷ ᠳᠡᠪᠢᠰᠭᠡᠷ ᠳᠠᠢ
ᠰᠢᠷᠤᠢ ᠬᠤᠳᠠ ᠪᠠᠷ ᠵᠡᠷᠭᠡᠯᠳᠡᠭᠡ ᠳᠠᠢ
ᠪᠠᠶᠠᠨ ᠪᠠᠯᠭᠠᠰᠤ ᠪᠠᠷ ᠰᠠᠭᠠᠬᠠᠯᠳᠠ ᠳᠠᠢ
ᠡᠷᠳᠡ ᠳᠡᠭᠡᠳᠤ ᠶᠢᠨ ᠦᠶ᠎ᠡ ᠡᠴᠠ
ᠡᠯᠪᠠᠭ᠌ ᠪᠠᠶᠠᠨ ᠣᠷᠤᠨ
ᠡᠨᠡ ᠡᠷᠡᠨ ᠤ ᠴᠠᠭ ᠳᠤ
ᠡᠷᠡᠮᠡᠭᠡᠢ᠌ᠯᠡᠨ ᠭᠦᠭ᠍ᠵᠢᠭᠡ ᠨᠤᠳᠤᠭ
ᠨᠠᠮ ᠵᠠᠰᠠᠭ ᠤᠨ ᠣᠳᠤᠷᠢᠳᠤᠯᠭ᠎ᠠ ᠨᠢ
ᠨᠠᠷᠠᠨ ᠤ ᠭᠡᠷᠡᠯ ᠰᠢᠭ᠌ ᠳᠤᠶᠠᠭᠠᠷᠠᠵᠤ ᠪᠠᠢ᠌ᠨ᠎ᠠ
ᠨᠠᠪᠴᠢ ᠴᠡᠴᠡᠭ᠌ ᠮᠠᠳᠤ ᠠᠷᠠᠤᠨ ᠨᠢ
ᠨᠠᠷᠮᠠᠢ ᠣᠢ᠌ᠯᠠᠰ ᠶᠢᠡᠨ ᠪᠣᠰᠬᠠᠵᠤ ᠪᠠᠢ᠌ᠨ᠎ᠠ
ᠳᠡᠭᠡᠳᠤ ᠱᠠᠳᠤᠨ ᠤ ᠵᠢᠯᠤᠭᠤᠳᠤᠯᠭ᠎ᠠ ᠨᠢ
ᠳ᠋ᠸᠩᠯᠤ ᠠᠳᠠᠯᠢ ᠭᠡᠷᠡᠯᠳᠦᠵᠤ ᠪᠠᠢ᠌ᠨ᠎ᠠ
ᠳᠡᠯᠭᠡᠷ ᠣᠯᠠᠨ ᠠᠷᠠᠤᠨ ᠨᠢ
ᠳᠡᠭ᠍ᠵᠢᠷᠡᠭᠦ ᠠᠮᠢᠳᠤᠷᠠᠯ ᠳᠠᠭᠠᠨ ᠵᠢᠳᠭᠦᠵᠤ ᠪᠠᠢ᠌ᠨ᠎ᠠ
ᠳᠠᠪᠤᠨ ᠥᠡᠴᠦᠭ᠍ᠳᠤ ᠪᠠᠳᠤᠴᠠᠭᠠᠨ ᠨᠢ
ᠳᠠᠯ᠎ᠠ ᠶᠢᠨ ᠳᠤᠮᠳᠠ ᠪᠠᠨ ᠬᠠᠨᠠᠭᠠᠷᠠᠨᠠ
ᠳᠠᠪᠠ ᠴᠡᠩᠭᠡᠯᠳᠤ ᠠᠮᠢᠳᠤᠷᠠᠯ ᠨᠢ
ᠳᠠ ᠪᠢᠳᠠᠨ ᠢ ᠪᠠᠶᠠᠰᠬᠠᠨ᠎ᠠ
ᠸᠠᠩ ᠤᠨ ᠣᠷᠳᠤᠨ ᠢ ᠰᠡᠷᠭᠦᠭᠡᠭᠦ ᠠᠵᠢᠯ ᠨᠢ
ᠯᠠᠪᠳᠠᠭᠤᠨ ᠪᠠᠳᠤᠳᠠᠢ ᠶᠠᠪᠣᠭᠳᠠᠵᠤ ᠪᠠᠢ᠌ᠨ᠎ᠠ
ᠥᠩᠭᠡᠷᠡᠭ᠍ᠰᠡᠨ ᠳᠡᠦᠭᠡ ᠪᠠᠨ ᠡᠷᠭᠢᠴᠡᠭᠦᠯᠭᠦ ᠪᠠᠷ
ᠦᠨᠦᠳᠤᠷ ᠤᠨ ᠭᠦᠮᠦᠰ ᠴᠢᠷᠮᠠᠢ᠌ᠵᠤ ᠪᠠᠢ᠌ᠨ᠎ᠠ
ᠬᠠᠭᠠᠰ ᠳᠠᠷᠢᠶᠠᠯᠠᠩ ᠬᠠᠭᠠᠰ ᠮᠠᠯᠵᠢᠯ ᠰᠤᠶᠤᠯ ᠵᠢᠠᠨ
ᠬᠠᠪᠣᠯᠢᠭ ᠨᠢᠭᠡᠳᠭᠡᠨ ᠭᠡᠷᠡᠭ᠍ᠵᠢᠭᠦᠯᠵᠤ ᠪᠠᠢ᠌ᠨ᠎ᠠ
ᠵᠤᠭᠠᠴᠠᠯ ᠴᠡᠩᠭᠡᠯ ᠤᠨ ᠣᠢ᠌ᠯᠠᠰ ᠢ ᠪᠠᠰᠠ
ᠵᠤᠭᠢᠬᠤ ᠪᠠᠢ᠌ᠷᠢ ᠪᠠᠷ ᠦᠷᠨᠢᠭᠦᠯᠵᠤ ᠪᠠᠢ᠌ᠨ᠎ᠠ
ᠡᠯᠡᠰᠤ ᠮᠠᠩᠬ᠎ᠠ ᠪᠠᠨ ᠵᠠᠰᠠᠭᠠᠤᠨ
ᠡᠳᠦᠷ ᠡᠴᠠ ᠡᠳᠦᠷ ᠥᠭᠡᠳᠡᠳᠡᠢ ᠨᠤᠳᠤᠭ
ᠡᠪᠠᠰᠤ ᠪᠠᠯᠴᠢᠭᠡᠷ ᠶᠢᠡᠨ ᠬᠠᠮᠠᠭᠠᠯᠠᠭᠠᠤᠨ
ᠥᠩᠭᠡᠳᠡᠢ ᠰᠢᠮᠠᠳᠠᠢ ᠪᠠᠶᠠᠯᠢᠭ ᠨᠤᠳᠤᠭ
ᠭᠤᠷᠪᠠᠨ ᠳᠠᠷᠢᠶᠠᠯᠠᠩ ᠤᠨ ᠳᠦᠷᠤ ᠶᠢᠨ ᠪᠣᠳᠤᠯᠭ᠎ᠠ ᠵᠢ
ᠭᠣᠢ᠌ᠳᠠ ᠰᠠᠢ᠌ᠬᠠᠨ ᠭᠡᠷᠡᠭ᠍ᠵᠢᠭᠦᠯᠵᠤ ᠪᠠᠢ᠌ᠨ᠎ᠠ
ᠭᠤᠪᠢ ᠴᠦᠯ ᠶᠢᠠᠨ ᠵᠠᠰᠠᠭᠠᠤᠨ
ᠭᠤᠶᠤ ᠦᠵᠡᠮᠵᠢᠳᠠᠢ ᠪᠣᠯᠭᠠᠵᠤ ᠪᠠᠢ᠌ᠨ᠎ᠠ
ᠬᠠᠳᠠᠭᠠᠰᠤ᠂ ᠪᠠᠶᠡᠡᠵᠢᠷᠦᠭᠡ᠂ ᠪᠠᠶᠠᠠᠪᠣᠯᠠᠭ
ᠬᠠᠮᠤᠭ ᠬᠤᠷᠳᠤᠴᠠ ᠪᠠᠷ ᠭᠦᠭ᠍ᠵᠢᠵᠤ ᠪᠠᠢ᠌ᠨ᠎ᠠ
ᠪᠠᠭᠢ ᠶᠢᠨ ᠠᠢ᠌ᠯ ᠱᠤᠸᠠᠩ ᠯᠦᠩ ᠭᠠᠩ
ᠪᠠᠷᠭᠡ ᠰᠠᠢ᠌ᠨ ᠳᠠᠪᠰᠢᠵᠤ ᠪᠠᠢ᠌ᠨ᠎ᠠ
ᠬᠤᠷᠢᠶ᠎ᠠ᠂ ᠬᠠᠢ᠌ᠯᠠᠰᠤᠨ᠂ ᠴᠤᠭᠯᠠᠭᠠᠨ ᠠᠢ᠌ᠯ
ᠬᠣᠢ᠌ᠨ᠎ᠠ ᠨᠢ ᠬᠤᠴᠤᠷᠬᠤ ᠦᠭᠡᠶ ᠳᠠᠮᠠᠴᠠᠵᠤ ᠪᠠᠢ᠌ᠨ᠎ᠠ
ᠰᠢᠨ᠎ᠡ ᠡᠷᠡᠨ ᠤ ᠣᠳᠤᠷᠢᠳᠤᠯᠭ᠎ᠠ ᠨᠢ
ᠰᠢᠵᠠᠷᠠᠭᠤᠨ ᠠᠯᠬᠤᠴᠠ ᠪᠠᠷ ᠳᠠᠢ᠌ᠴᠢᠯᠠᠵᠤ ᠪᠠᠢ᠌ᠨ᠎ᠠ
ᠠᠷᠠᠤᠨ ᠲᠦᠮᠡᠨ ᠨᠢ ᠴᠢᠨᠡᠭᠡᠯᠢᠭ᠍ᠵᠢᠭᠡᠳ
ᠠᠶᠤᠤᠯᠢᠬᠠᠢ ᠴᠡᠭᠡᠵᠢ ᠨᠢ ᠬᠠᠩᠭ᠋ᠠᠮᠵᠢᠳᠠᠢ ᠪᠠᠢ᠌ᠨ᠎ᠠ
ᠠᠯᠤᠰ ᠢᠷᠡᠭᠡᠳᠦᠢ ᠶᠢᠨ ᠠᠮᠢᠳᠤᠷᠠᠯ ᠳ᠋ᠠᠭᠠᠨ
ᠠᠯᠮᠠᠰ ᠵᠤᠷᠢᠭ ᠶᠢᠡᠨ ᠡᠷᠴᠢᠯᠡᠭᠦ ᠪᠠᠷ ᠪᠠᠢ᠌ᠨ᠎ᠠ
(ᠠᠷᠭᠠᠮᠵᠠ ᠭᠠᠴᠠᠭᠠᠳᠠ ᠲᠡᠶ ᠨᠠᠢ᠌ᠷᠯᠠᠬᠤ ᠳ᠋ᠠᠭᠠᠨ
ᠠᠷᠢᠭᠢᠨ ᠰᠢᠷᠡᠭᠡᠨ ᠳᠡᠭᠡᠷ᠎ᠡ ᠡᠷᠭᠦᠭ᠍ᠰᠡᠨ ᠪᠠᠳᠠᠭ)
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2012 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ