☆ ᠡᠭᠡᠰᠢᠭ᠌
ᠡᠵᠢ ᠳᠡᠭᠡᠨ ᠪᠢ ᠡᠷᠳᠡ ᠣᠴᠢᠨ᠎ᠠ
ᠤᠶᠠᠩᠭ᠎ᠠ ᠶᠢᠨ ᠡᠭᠡᠰᠢᠭ᠌ ᠳᠠᠳᠠᠭᠤᠯᠤᠭᠰᠠᠨ
ᠣᠷᠳᠤ ᠨᠠᠮᠤᠷ ᠤᠨ ᠰᠢᠷᠭᠠᠯ ᠥᠩᠭᠡ ᠳ᠋ᠤ
ᠣᠬᠠᠭᠠᠨ ᠦᠭᠡᠶ ᠦᠷ᠎ᠡ ᠨᠢ ᠡᠵᠢ ᠳᠡᠭᠡᠨ ᠣᠴᠢᠬᠤ ᠭᠡᠵᠤ ᠭᠡᠯᠡᠭ᠍ᠰᠡᠨ
ᠡᠭᠡᠷᠡᠭᠦᠯ ᠤᠨ ᠡᠷᠭᠢᠯᠳᠡ ᠰᠢᠭ᠌ ᠡᠳᠦᠷ ᠢ ᠥᠩᠭᠡᠷᠡᠭᠦ ᠭᠡᠵᠤ ᠡᠵᠢ ᠮᠢᠨᠢ ᠶᠠᠭᠠᠷᠠᠭᠰᠠᠨ
ᠰᠢᠪᠠᠭᠤᠳ ᠪᠣᠴᠠᠵᠤ ᠨᠠᠪᠴᠢᠰ ᠨᠡᠭᠦᠭ᠍ᠰᠡᠨ ᠮᠦᠴᠡ ᠳ᠋ᠤ
ᠰᠠᠢ᠌ᠬᠠᠨ ᠡᠵᠢ ᠳᠡᠭᠡᠨ ᠪᠢ ᠭᠦᠷᠴᠤ ᠥᠨᠦᠰᠦᠭᠦᠯᠦᠨᠡ ᠭᠡᠰᠡᠨ
ᠭᠡᠯᠡᠭ᠍ᠰᠡᠨ ᠳᠡᠭᠡᠨ ᠢᠷᠡᠭᠦ ᠶᠤᠮ ᠭᠡᠵᠤ ᠢᠳᠡᠭᠡᠨ
ᠰᠠᠷ᠎ᠠ ᠶᠢᠨ ᠠᠳᠠᠭ ᠢ ᠰᠤᠨᠤᠭᠠᠵᠤ ᠡᠵᠢ ᠮᠢᠨᠢ ᠶᠡᠭᠡ ᠭᠦᠯᠢᠶᠡᠭ᠍ᠰᠡᠨ
ᠰᠠᠯᠭᠢ ᠰᠠᠷᠪᠠᠯᠵᠠᠵᠤ ᠰᠡᠳᠭᠢᠯ ᠥᠢᠮᠦᠷᠡᠬᠤ ᠣᠯᠠᠷᠢᠯ ᠤᠨ ᠡᠴᠦᠰ ᠳᠤ
ᠰᠡᠳᠭᠢᠯ ᠤᠨ ᠰᠢᠳᠦᠭᠡᠨ ᠡᠵᠢ ᠳᠡᠭᠡᠨ ᠪᠢ ᠣᠴᠢᠭᠰᠠᠨ
ᠰᠠᠭᠠᠯᠢ ᠶᠢᠨ ᠦᠨᠦᠷ ᠬᠠᠩᠬᠤᠯᠤᠭᠰᠠᠨ ᠡᠵᠢ ᠶᠢ ᠪᠠᠨ
ᠰᠠᠨᠠᠭ᠎ᠠ ᠠᠯᠭᠠᠰᠳᠠᠯᠠ ᠭᠦᠯᠢᠶᠡᠯᠭᠡᠭ᠍ᠰᠡᠨ ᠳᠡᠭᠡᠨ ᠪᠢ ᠶᠡᠭᠡ ᠵᠤᠪᠠᠭᠰᠠᠨ
ᠵᠤᠬᠢᠶᠠᠭᠴᠢ ᠶᠢᠨ ᠬᠠᠶᠢᠭ ᠄ ᠪᠣᠭᠤᠳᠤ ᠬᠤᠳᠠ ᠶᠢᠨ ᠲᠦᠮᠡᠳ ᠪᠠᠷᠠᠭᠤᠨ ᠬᠤᠰᠢᠭᠤ
ᠵᠤᠬᠢᠶᠠᠭᠴᠢ᠄ ᠡᠭᠡᠰᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ