ᠨᠡᠪᠲᠡᠷᠡᠨ ᠤᠷᠤᠬᠤ
ᠬᠤᠶᠠᠷ ᠪᠣᠷᠬᠠᠨ ᠤ ᠨᠢᠯᠪᠣᠰᠤ

1 ᠨᠠᠢ᠌ᠷ


ᠰᠠᠷᠠ ᠲᠡᠶ ᠳᠩᠷᠢ

ᠭᠡᠷᠡᠯᠳᠦᠭ᠍ᠰᠡᠨ

ᠨᠠᠮᠤᠷ ᠤᠨ ᠳᠤᠩᠭ᠋ᠠᠯᠠᠭ ᠰᠦᠨᠢ

ᠨᠠᠢ᠌ᠷ ᠤᠨ ᠰᠢᠷᠡᠭᠡᠨ ᠤ ᠶᠠᠭᠤ ᠪᠦᠭᠦᠨ

ᠮᠤᠩᠭ᠋ᠤᠯ ᠶᠢᠠᠷ ᠪᠦᠵᠢᠭ᠍ᠯᠡᠨ᠎ᠡ᠃

ᠬᠤᠯᠠ ᠭᠠᠵᠠᠷ ᠡᠷᠳᠡᠮ ᠰᠤᠷᠤᠭᠠᠤᠨ ᠡᠭᠡᠭ᠍ᠰᠡᠨ

ᠬᠤᠷᠢᠳ ᠨᠠᠰᠤᠨ ᠤ ᠵᠠᠯᠠᠭᠤᠴᠤᠳ

ᠰᠡᠳᠭᠢᠯ ᠦᠨᠳᠦᠷ᠂

ᠬᠤᠭᠤᠯᠠᠨ ᠪᠠᠵᠠᠭᠠᠵᠤ ᠶᠠᠭᠠᠷᠠᠭᠰᠠᠨ

ᠬᠤᠶᠠᠷ ᠨᠠᠰᠤᠳᠠᠨ

ᠴᠢᠰᠤᠨ ᠦᠨᠳᠦᠷ᠂

ᠦᠨᠳᠦᠷ ᠦᠨᠳᠦᠷ ᠵᠠᠯᠭᠠᠯᠳᠤᠭᠰᠠᠨ ᠊᠊᠊᠊᠊᠊᠊᠊᠊᠊᠊᠊᠊᠊᠊ ᠨᠠᠢ᠌ᠷ

ᠦᠷ ᠴᠠᠢ᠌ᠳᠠᠯ᠎ᠠ ᠶᠠᠷᠤ

ᠥᠡᠳᠦᠷᠯᠡᠭ᠍ᠰᠡᠨ ᠦᠭᠡᠶ᠃


2 ᠰᠡᠳᠭᠢᠯ ᠤᠨ ᠣᠢ᠌ᠤᠠᠬᠠᠷ


ᠬᠠᠭᠤᠴᠢᠨ ᠳᠠᠪᠠᠯ ᠲᠡᠶ ᠮᠤᠩᠭ᠋ᠤᠯ ᠨᠤᠳᠤᠭ ᠳᠤ

ᠰᠢᠨ᠎ᠠ ᠭᠦᠭᠡᠭᠡᠴᠡᠯᠳᠦᠯ ᠲᠡᠶ ᠵᠠᠯᠠᠭᠤ

ᠪᠠᠭᠳᠠᠬᠤ ᠦᠭᠡᠶ ᠪᠠᠢ᠌ᠬᠤ ᠰᠢᠭ

ᠳᠩᠷᠢ ᠶᠢᠡᠷ ᠭᠦᠪᠪᠦᠳᠡᠭ᠌ ᠡᠭᠦᠯᠡᠨ ᠭᠦᠷᠳᠡᠯ᠎ᠡ ᠨᠢ

ᠳᠡᠨᠦᠭ᠍ᠰᠡᠨ ᠪᠣᠳᠤᠯ ᠳ᠋ᠤᠨᠢ

ᠰᠠᠭᠠᠤᠨ ᠨᠡᠮᠡᠷᠢᠭᠦᠯᠦᠨ᠎ᠡ᠂

ᠣᠷᠤᠢ ᠶᠢᠨ ᠣᠳᠤᠳ ᠪᠠᠯᠠᠷᠠᠳᠠᠯ᠎ᠠ

ᠣᠢ᠌ᠤᠠᠬᠠᠷ ᠤᠨ ᠭᠦᠭ᠍ᠵᠢᠮ ᠴᠢᠪᠬᠠᠳᠠᠨ

ᠦᠳᠡ ᠶᠢᠨ ᠨᠠᠷᠠ ᠰᠤᠨᠢᠶᠠᠳᠠᠯ᠎ᠠ᠂

ᠣᠠᠳᠠᠯᠭ᠎ᠠ ᠭᠦᠢᠴᠡᠳᠭᠡᠵᠤ ᠭᠡᠪᠳᠡᠭᠦ

ᠰᠤᠯᠠ ᠳᠠᠪᠭᠢᠵᠤ ᠳᠠᠳᠤᠭᠰᠠᠨ

ᠰᠤᠶᠤᠯ ᠲᠡᠶ ᠣᠶᠤᠳᠠᠤᠨ

ᠰᠤᠷ ᠰᠢᠭ ᠡᠯᠳᠡᠭ᠍ᠳᠡᠭ᠍ᠰᠡᠨ ᠮᠠᠯᠴᠢᠨ ᠤ ᠳᠤᠮᠳᠠ

ᠳᠠᠪᠤᠨ ᠬᠤᠷᠤᠭᠤᠨ ᠤ ᠴᠢᠭᠡᠵᠢ ᠰᠢᠭ᠌ ᠣᠶᠠᠨ ᠪᠠᠢ᠌ᠯ᠎ᠠ᠃


3 ᠨᠠᠰᠤ ᠭᠦᠢᠴᠡᠭ᠍ᠰᠡᠨ ᠵᠤᠪᠠᠯᠡᠭ᠌


ᠶᠡᠭᠡ ᠰᠤᠷᠭᠠᠭᠤᠯᠢ ᠣᠩᠰᠢᠬᠤ ᠨᠢ

ᠪᠠᠭ᠎ᠠ ᠮᠠᠰᠢᠨ ᠵᠢᠯᠤᠭᠤᠤᠠᠬᠤ ᠡᠴᠡ ᠳᠤᠤᠷ᠎ᠠ ᠭᠡᠮᠡᠨ

ᠣᠷᠤᠯᠭ᠎ᠠ ᠶᠢᠨ ᠡᠭᠦᠳᠡ ᠡᠴᠡ

ᠭᠡᠨ ᠨᠢᠭᠡᠨ ᠬᠠᠰᠭᠢᠷᠤᠨ᠎ᠠ᠂

ᠡᠪᠦᠭᠡ ᠶᠢᠨ ᠦᠶ᠎ᠡ ᠡᠴᠡ ᠪᠠᠨ

ᠡᠳᠦᠭᠡ ᠪᠣᠯᠳᠠᠯ᠎ᠠ︕

ᠢᠷᠭᠡᠨ ᠶᠠᠪᠣᠭᠰᠠᠤᠨ ᠤᠨ ᠦᠷ᠎ᠡ

ᠠᠵᠢᠯ ᠤᠨ ᠪᠠᠢ᠌ᠷᠢ ᠣᠯᠬᠤ ᠨᠢ

ᠠᠯᠳᠠ ᠭᠠᠳᠠᠰᠤ ᠵᠥᠭ᠌

ᠠᠪᠠᠷᠢᠬᠤ ᠡᠴᠡ

ᠥᠭᠡᠷ᠎ᠡ ᠶᠠᠭᠤ ᠲᠡᠶ ᠭᠦᠴᠢᠷ ᠭᠡᠵᠤ

ᠳᠤᠭᠤᠯ ᠤᠨ ᠪᠠᠯᠴᠢᠭᠡᠷ ᠰᠢᠭ᠌

ᠭᠡᠮᠵᠢᠶᠡᠳᠤ ᠦᠵᠡᠯᠳᠠ ᠴᠡᠴᠡᠷᠭᠡᠨ᠎ᠡ︕

ᠣᠯᠠᠭᠠᠨ ᠵᠢᠷᠦᠭᠡᠨ ᠤ ᠦᠨᠡᠠᠴᠢ ᠳᠤᠷᠠᠯᠠᠯ ᠴᠤ

ᠣᠴᠠᠷᠠᠬᠤ ᠶᠢᠨ ᠢᠷᠦᠭᠡᠯ ᠳᠢᠭ᠌ ᠪᠣᠯᠬᠤᠷ

ᠣᠳᠠᠰᠤ ᠪᠠᠷ ᠶᠠᠷᠢᠭᠠᠤᠨ ᠯᠠ

ᠭᠦᠭ᠍ᠵᠢᠯᠳᠡ ᠮᠠᠭᠤ ᠲᠡᠶ ᠢᠨᠠᠭᠯᠠᠯ

ᠣᠳᠠᠬᠤ᠂ ᠣᠳᠠᠬᠤ ᠦᠭᠡᠶ ᠶᠢᠨ ᠬᠤᠭᠤᠷᠤᠠᠳᠤ ᠳᠠᠯᠴᠢᠯᠠᠨ᠎ᠠ︕

ᠮᠥᠷᠦᠭᠡᠳᠦᠯ ᠤᠨ ᠭᠠᠩ ᠳ᠋ᠤ

ᠬᠤᠯᠠ ᠶᠢᠨ ᠠᠮᠠᠷᠠᠭ

ᠪᠣᠷᠤᠭ᠎ᠠ ᠪᠣᠯᠤᠨ ᠣᠨᠠᠬᠤ ᠦᠭᠡᠶ ᠪᠠᠢ᠌ᠯ᠎ᠠ᠂

ᠠᠯᠳᠠᠬᠤ ᠨᠢ ᠣᠯᠬᠤ ᠵᠢᠨ

ᠰᠥᠷᠭᠡᠤ ᠳᠡᠮᠳᠡᠭ᠌ ᠳᠠᠢ

ᠨᠡᠮᠡᠭ᠍ᠳᠡᠯ᠎ᠡ︕

ᠠᠮᠢᠳᠤᠷᠠᠯ ᠢᠩᠭᠢᠭᠡᠳ

ᠰᠡᠳᠭᠢᠯ ᠤᠨ ᠬᠤᠪᠢᠨ ᠳ᠋ᠤ

ᠮᠦᠰᠤᠴᠢᠯᠠᠬᠦ ᠳᠠᠰᠢ ᠪᠠᠨ

ᠭᠤᠯᠭᠤᠨ᠎ᠠ᠃


4 ᠡᠮ


ᠭᠡᠭᠡᠷ᠎ᠡ ᠶᠢᠨ ᠡᠪᠠᠰᠤᠨ ᠤ ᠳᠤᠳᠤᠷ᠎ᠠ ᠡᠴᠡ

ᠭᠡᠨ ᠠᠯᠢᠨ ᠴᠤ᠂

ᠴᠡᠴᠡᠭ᠌ ᠪᠣᠯᠤᠨ ᠬᠤᠪᠢᠯᠵᠤ ᠴᠢᠳᠠᠬᠤ ᠦᠭᠡᠶ︕

ᠠᠭᠤᠷᠯᠠᠵᠤ ᠪᠣᠰᠤᠭᠰᠠᠨ

ᠪᠠᠢ᠌ᠭᠠᠯᠢ ᠶᠢᠨ ᠰᠢᠭᠤᠷᠭ᠎ᠠ ᠵᠢ

ᠪᠣᠳᠠᠭᠠᠯᠢ ᠪᠠᠶ᠎ᠠ ᠪᠠᠷ ᠳᠤᠯᠵᠤ

ᠨᠠᠮᠳᠠᠬᠤ ᠨᠢ ᠪᠢᠰᠢ

ᠦᠨᠡᠮᠯᠠᠯ ᠭᠠᠷᠳᠠᠭᠰᠠᠨ

ᠠᠬᠠᠮᠠᠤᠨ ᠠᠷᠢᠭᠢᠠᠴᠢ ᠶᠢᠨ ᠳᠤᠤᠷᠬᠠᠨ ᠪᠠᠶ᠎ᠠ ᠪᠠᠷ

ᠰᠠᠭᠤᠭᠠᠤᠨ᠂

ᠪᠦᠭᠡᠯᠵᠢᠵᠤ ᠱᠠᠷᠳᠠᠬᠤ ᠡᠴᠡ ᠪᠣᠰᠤᠩᠭᠢ ᠨᠢ

ᠵᠢᠷᠭᠠᠯ ᠪᠣᠯᠤᠭᠰᠠᠨ ᠣᠮᠳᠠ ᠵᠥᠭ᠌

ᠵᠠᠯᠠᠭ᠎ᠠ ᠵᠠᠯᠠᠭᠠᠪᠠᠷ ᠳᠤᠪᠳᠤᠯᠵᠤ ᠪᠠᠢ᠌ᠯ᠎ᠠ︕


5 ᠬᠤᠶᠠᠷ ᠪᠣᠷᠬᠠᠨ ᠤ ᠨᠢᠯᠪᠣᠰᠤ


ᠳᠡᠯᠡᠭᠡᠢ ᠶᠢᠨ ᠪᠦᠮᠪᠦᠷᠴᠡᠭ᠌ ᠡᠴᠡ ᠬᠠᠷᠠᠭᠳᠠᠬᠤ

ᠣᠳᠤᠳ ᠊᠊᠊᠊᠊᠊᠊᠊᠊᠊᠊᠊᠊᠊᠊

ᠲᠤᠩ ᠭᠦᠭᠡᠷᠦᠭᠦᠨ ᠪᠠᠢ᠌ᠯ᠎ᠠ᠃

ᠬᠠᠶᠠ

ᠰᠤᠯᠢᠷᠵᠢᠬᠤ ᠪᠦᠷᠢ ᠳ᠋ᠤᠨᠢ

ᠰᠡᠭᠦᠷᠡᠰᠤ ᠠᠯᠳᠠᠬᠤ ᠵᠢᠷᠦᠭᠡ ᠤᠳ ᠡᠴᠡ ᠯᠠ

ᠴᠢᠰᠤ ᠳᠤᠰᠤᠯᠤᠨ᠎ᠠ︕


ᠰᠢᠠᠵᠢᠶᠠᠩ ᠬᠤᠪᠣᠭᠰᠠᠢ᠌ᠷᠢ ᠰᠢᠶᠠᠨ

ᠵᠤᠬᠢᠶᠠᠭᠴᠢ᠄ ᠰᠤ᠋·ᠰᠠᠠᠳᠠᠭᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2009 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ