ᠨᠡᠪᠲᠡᠷᠡᠨ ᠤᠷᠤᠬᠤ
ᠬᠠᠢ᠌ᠷ᠎ᠠ ᠶᠢᠨ ᠲᠠᠩᠭᠠᠷᠢᠭ
(ᠲ᠋ᠠᠭᠤᠤ ᠶᠢᠨ ᠥᠭᠡ)

ᠭᠦᠮᠤᠨ ᠤ ᠨᠢᠳᠤᠨ ᠳᠤ ᠬᠤᠯᠠᠬᠠᠨ ᠪᠠᠢ᠌ᠶ᠎ᠠ

ᠭᠦᠷᠡᠩ ᠵᠢᠷᠦᠭᠡᠨ ᠳᠡᠭᠡᠨ ᠣᠢ᠌ᠷᠠᠬᠠᠨ ᠪᠠᠢ᠌ᠶ᠎ᠠ

ᠭᠦᠰᠡᠯ ᠪᠣᠳᠤᠯ ᠳᠠᠭᠠᠨ ᠰᠠᠨᠠᠨ ᠪᠠᠢ᠌ᠶ᠎ᠠ

ᠭᠦᠯᠢᠶᠡᠭᠦ ᠶᠢᠨ ᠵᠢᠷᠭᠠᠯ ᠳᠤ ᠰᠤᠭᠳᠤᠨ ᠪᠠᠢ᠌ᠶ᠎ᠠ


ᠬᠤᠨᠤᠭ ᠤᠨ ᠵᠡᠭᠦᠳᠤᠨ ᠳᠡᠭᠡᠨ ᠮᠠᠨᠠᠨ ᠪᠠᠢ᠌ᠶ᠎ᠠ

ᠬᠤᠩᠭ᠋ᠤᠷ ᠭᠠᠯᠠᠭᠤ ᠰᠢᠭ ᠢᠵᠢᠯᠰᠢᠨ ᠪᠠᠢ᠌ᠶ᠎ᠠ

ᠬᠤᠪᠳᠤᠯ ᠵᠢᠷᠦᠭᠡᠨ ᠳᠡᠭᠡᠨ ᠳᠤᠷᠠᠰᠤᠨ ᠪᠠᠢ᠌ᠶ᠎ᠠ

ᠬᠤᠤᠰ ᠦᠭᠡᠶ ᠬᠠᠢ᠌ᠷ᠎ᠠ ᠪᠠᠨ ᠬᠤᠪᠢᠶᠠᠯᠴᠠᠨ ᠪᠠᠢ᠌ᠶ᠎ᠠ


ᠠᠯᠳᠠᠭᠰᠠᠨ ᠪᠦᠭᠦᠨ ᠶᠢᠡᠨ ᠠᠮᠢᠳᠤᠷᠠᠯ ᠡᠴᠡ ᠨᠥᠭᠦᠶ᠎ᠡ

ᠠᠯᠳᠠᠭᠠᠳᠤᠢ ᠪᠦᠭᠦᠨ ᠶᠢᠡᠨ ᠠᠶᠤᠤᠯᠢᠬᠠᠢ ᠳᠠᠭᠠᠨ ᠨᠠᠠᠳᠢᠩᠨᠠᠶ᠎ᠠ

ᠠᠵᠠ ᠵᠢᠷᠭᠠᠯ ᠶᠢᠡᠨ ᠳᠠᠭᠤᠯᠠᠵᠤ ᠶᠠᠪᠣᠶ᠎ᠠ

ᠠᠯᠠᠭ ᠦᠭᠡᠶ ᠰᠠᠤᠠᠭᠢᠯ ᠶᠢᠡᠷ ᠬᠠᠢ᠌ᠷᠠᠯᠠᠯᠴᠠᠵᠤ ᠶᠠᠪᠣᠶ᠎ᠠ᠃

ᠵᠤᠬᠢᠶᠠᠭᠴᠢ᠄ ᠯ·ᠤᠳᠤᠨ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 4169
ᠴᠠᠭ᠄ 2006 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ