ᠨᠡᠪᠲᠡᠷᠡᠨ ᠤᠷᠤᠬᠤ
ᠮᠢᠨᠤ ᠮᠤᠩᠭ᠋ᠤᠯ ᠪᠦᠰᠡᠭᠦᠢ
᠊᠊᠊᠊᠊᠊᠊᠊᠊᠊᠊᠊᠊᠊᠊ ᠳᠠᠷ᠎ᠠ ᠳᠡᠭᠡᠷ᠎ᠡ ᠠᠰᠬᠠᠷᠠᠭᠰᠠᠨ ᠨᠠᠢ᠌ᠷᠠᠭ

ᠬᠠᠢ᠌ᠷ᠎ᠠ ᠶᠢᠨ ᠰᠢᠪᠠᠨᠡᠭᠡ ᠶᠢ ᠬᠠᠷᠠᠴᠠᠨ ᠡᠴᠡ ᠨᠢ ᠴᠢᠩᠨᠠᠨ

            ᠨᠢᠳᠤᠨ ᠳᠤᠳᠤᠷ᠎ᠠ ᠨᠢ ᠣᠮᠪᠠᠯ᠎ᠠ

ᠬᠠᠨᠢ ᠶᠢᠨ ᠵᠠᠶᠠᠭ᠎ᠠ ᠶᠢ ᠵᠢᠷᠦᠭᠡᠨ ᠡᠴᠡ ᠨᠢ ᠠᠮᠢᠰᠬᠤᠨ

            ᠰᠤᠳᠠᠯ ᠳᠤᠳᠤᠷ᠎ᠠ ᠨᠢ ᠯᠤᠭᠰᠢᠯ᠎ᠠ

ᠨᠠᠰᠤᠨ ᠤ ᠵᠢᠷᠭᠠᠯ ᠶᠢᠡᠨ ᠢᠨᠢᠶᠠᠳᠤᠨ ᠡᠴᠡ ᠨᠢ ᠢᠪᠢᠯᠭᠡᠨ

            ᠢᠳᠡᠭᠡᠯ ᠳᠤ ᠪᠠᠨ ᠳᠠᠷᠢᠯ᠎ᠠ

ᠨᠠᠠᠳᠢᠨ ᠬᠠᠢ᠌ᠷ᠎ᠠ ᠪᠠᠨ ᠭᠡᠵᠢᠭᠡᠨ ᠡᠴᠡ ᠨᠢ ᠰᠠᠮᠨᠠᠨ

            ᠲ᠋ᠠᠩᠭ᠋ᠠᠷᠢᠭ ᠭᠦᠷᠤᠨ ᠵᠠᠩᠭᠢᠳᠤᠯ᠎ᠠ


ᠰᠠᠷᠠᠨ ᠤ ᠭᠡᠭᠡ ᠶᠢ ᠬᠠᠴᠠᠷ ᠡᠴᠡ ᠨᠢ ᠣᠢ᠌ᠯᠭᠠᠨ

            ᠲ᠋ᠠᠷᠠᠨ ᠳᠡᠭᠡᠷ᠎ᠡ ᠪᠠᠨ ᠮᠠᠨᠠᠯ᠎ᠠ

ᠰᠠᠷᠭᠠᠢ ᠶᠢᠨ ᠦᠨᠦᠷ ᠢ ᠭᠦᠯᠦᠰᠤᠨ ᠡᠴᠡ ᠨᠢ ᠮᠠᠳᠠᠷᠠᠨ

            ᠭᠦᠡᠵᠢᠯᠡ ᠳᠤ ᠪᠠᠨ ᠨᠢᠭᠤᠨ ᠬᠠᠳᠠᠭᠠᠯᠠᠯ᠎ᠠ

ᠭᠡᠦᠭᠡᠨ ᠴᠡᠴᠡᠭ᠌ ᠤᠨ ᠳᠠᠯᠪᠢ ᠵᠠᠳᠠᠷᠠᠨ

            ᠬᠠᠷᠠᠩᠭ᠋ᠤᠢ ᠶᠢ ᠦᠷᠭᠦᠭᠡᠳᠡᠯ᠎ᠡ ᠳᠤᠭᠳᠤᠯᠤᠯ᠎ᠠ

ᠭᠦᠮᠤᠨ ᠵᠠᠶᠠᠭᠠᠨ ᠤ ᠨᠢᠭᠤᠴᠠ ᠢᠷᠠᠭᠳᠠᠨ

            ᠦᠪᠡᠷ ᠢ ᠪᠠᠨ ᠮᠠᠷᠳᠠᠨ ᠨᠢᠯᠬᠠᠷᠠᠯ᠎ᠠ


ᠳᠠᠭᠤᠯᠠᠮ᠎ᠠ ᠠᠮᠢᠳᠤᠷᠠᠯ ᠤᠨ ᠨᠠᠷᠠ ᠶᠢ ᠠᠷᠬᠠᠯᠠᠨ

            ᠬᠣᠢ᠌ᠮᠤᠷ ᠶᠢᠡᠨ ᠮᠢᠯᠢᠶᠠᠯ᠎ᠠ

ᠳᠤᠷᠠᠯᠠᠯ ᠤᠨ ᠦᠷᠤᠮ᠎ᠠ ᠲᠡᠶ ᠴᠠᠢ ᠰᠠᠮᠤᠷᠤᠨ

            ᠰᠡᠳᠭᠢᠯ ᠶᠢᠡᠨ ᠣᠮᠳᠠᠯᠠᠯ᠎ᠠ

ᠣᠢ᠌ᠯᠠ ᠰᠠᠨᠠᠭ᠎ᠠ ᠨᠢᠭᠡᠳᠤᠨ ᠨᠠᠢ᠌ᠯᠠᠵᠤ

            ᠭᠤᠯᠤᠮᠳᠠ ᠶᠢᠨ ᠭᠠᠯ ᠶᠢᠡᠨ ᠭᠦᠭ᠍ᠵᠢᠭᠡᠯ᠎ᠡ

ᠣᠢ᠌ᠯᠠᠰ ᠭᠦᠰᠡᠯᠡᠩ ᠢᠵᠢᠯᠢᠰᠤᠨ ᠥᠶᠡᠷᠭᠡᠵᠤ

            ᠨᠠᠰᠤ ᠪᠠᠨ ᠬᠠᠮᠳᠤ ᠳᠤ ᠪᠠᠨ ᠡᠯᠡᠭᠡᠯ᠎ᠡ


ᠦᠬᠢᠨ ᠪᠠᠶ᠎ᠠ ᠪᠠᠨ ᠳᠤᠷᠠᠳᠠᠢ ᠭᠡᠭᠡᠵᠤ

            ᠦᠷ᠎ᠡ ᠶᠢᠨ ᠵᠤᠯᠠᠢ ᠥᠨᠦᠷᠯᠡᠭᠦᠯᠦᠯ᠎ᠡ

ᠣᠳᠤᠳ ᠤᠨ ᠪᠦᠪᠠᠢ ᠪᠠᠷ ᠰᠦᠨᠢ ᠶᠢ ᠠᠷᠭᠠᠳᠠᠨ

            ᠡᠵᠢ ᠳᠠᠭᠤᠳᠠᠭᠤᠯᠤᠨ ᠣᠶᠠᠷᠠᠯ᠎ᠠ

ᠠᠮᠢ ᠶᠢᠨ ᠦᠷᠭᠦᠯᠵᠢᠯᠡᠯ᠂ ᠠᠪᠣ ᠶᠢᠨ ᠵᠢᠷᠭᠠᠯ ᠢ

            ᠬᠠᠨᠢ ᠳᠤ ᠪᠠᠨ ᠡᠳ᠋ᠯᠡᠭᠦᠯᠤᠨ ᠳᠤᠨᠢᠷᠬᠠᠯ᠎ᠠ

ᠠᠮᠠᠷᠠᠭ ᠤᠨ ᠬᠤᠯᠪᠣᠭ᠎ᠠ᠂ ᠴᠢᠠᠳᠠᠮᠤᠨᠢ ᠵᠠᠶᠠᠭ᠎ᠠ ᠪᠠᠷ

            ᠦᠷᠭᠦᠭᠡ ᠪᠠᠨ ᠳᠦᠭᠦᠷᠭᠡᠨ ᠪᠠᠶᠠᠰᠤᠯ᠎ᠠ


ᠳᠠᠪᠠᠯ ᠳᠤ ᠨᠢ ᠨᠠᠭᠠᠯᠳᠤᠭᠰᠠᠨ ᠳᠠᠭᠠᠨ᠎ᠠ ᠶᠢᠨ ᠪᠣᠳᠤᠭ ᠵᠢᠠᠨ

            ᠣᠨᠠᠴᠢᠬᠠᠬᠤ ᠡᠴᠡ ᠭᠢᠴᠢᠶᠠᠨ ᠬᠠᠳᠠᠭᠠᠯᠠᠯ᠎ᠠ

ᠳᠠᠪᠣᠷ᠎ᠠ ᠡᠴᠡ ᠨᠢ ᠳᠡᠪᠠᠷᠡᠭᠦ ᠭᠦᠳᠡᠭᠡ ᠶᠢᠨ ᠠᠭᠠᠯᠢ ᠪᠠᠨ

            ᠭᠡᠭᠡᠴᠡᠭᠦ ᠡᠴᠡ ᠵᠤᠪᠠᠨ ᠬᠠᠢ᠌ᠷᠠᠯᠠᠯ᠎ᠠ

ᠭᠠᠳᠠᠰ ᠤᠨ ᠠᠭᠤᠯᠠᠰ ᠤᠨ ᠴᠠᠰᠤᠳᠠᠢ ᠣᠷᠤᠢ

            ᠲ᠋ᠤᠯᠤᠭᠠᠢ ᠳᠤ ᠨᠢ ᠪᠣᠭᠤᠷᠤᠯᠳᠤᠨ ᠦᠯᠠᠳᠠᠯ᠎ᠠ

ᠭᠠᠩᠭ᠋ᠠᠩ ᠪᠠᠢ᠌ᠭᠠᠯᠢ ᠶᠢᠨ ᠣᠨᠠᠭᠠᠨ ᠳᠦᠷᠭᠦ

            ᠮᠦᠷᠦᠭᠡᠳᠦᠯ ᠳᠤ ᠨᠢ ᠭᠠᠩᠭ᠋ᠠᠨᠠᠨ ᠬᠤᠴᠤᠷᠤᠯ᠎ᠠ


ᠳᠤᠭᠤᠨᠤᠳᠤ ᠭᠡᠷ ᠤᠨ ᠳᠤᠭᠤᠷᠭ᠎ᠠ ᠭᠡᠷᠡᠯᠳᠦᠭᠦᠯᠤᠨ

            ᠵᠢᠷᠦᠭᠡᠨ ᠳᠤ ᠰᠦᠮᠠᠯᠵᠠᠨ ᠠᠰᠠᠨ᠎ᠠ

ᠳᠤᠰᠤᠨ ᠠᠮᠢᠳᠤᠷᠠᠯ ᠤᠨ ᠦᠨᠦᠷ ᠠᠩᠭᠢᠯᠤᠭᠤᠯᠤᠨ

            ᠵᠡᠭᠦᠳᠦᠨ ᠳᠤ ᠠᠮᠳᠠᠯᠠᠭᠳᠠᠨ ᠬᠤᠨᠤᠨ᠎ᠠ

ᠭᠤᠮᠤᠳᠠᠬᠤ ᠳᠤ ᠪᠠᠨ ᠣᠷᠤᠰᠬᠠᠭᠰᠠᠨ ᠠᠷᠢᠭᠤᠨ ᠨᠢᠯᠪᠣᠰᠤ

            ᠬᠠᠷᠠᠮᠰᠠᠯ ᠪᠣᠯᠤᠨ ᠰᠠᠨᠠᠭᠠᠨ ᠡᠴᠡ ᠳᠦᠭᠡᠨᠡᠨ᠎ᠡ

ᠪᠠᠶᠠᠷᠯᠠᠬᠤ ᠳᠤ ᠪᠠᠨ ᠳᠠᠭᠤᠯᠠᠭᠰᠠᠨ ᠭᠠᠭᠴᠠᠬᠠᠨ ᠳᠠᠭᠤᠤ

            ᠡᠭᠡᠰᠢᠭ᠌ ᠠᠰᠬᠠᠨ ᠴᠡᠭᠡᠵᠢᠨ ᠳᠤ ᠭᠦᠪᠦᠨ᠎ᠡ


ᠡᠷ᠎ᠡ ᠶᠢᠨ ᠳᠡᠭ᠍ᠷᠢ ᠪᠠᠨ ᠪᠠᠭᠠᠨ᠎ᠠ ᠪᠣᠯᠤᠨ ᠡᠷᠭᠦᠵᠤ

            ᠡᠯᠡᠭ᠍ᠳᠡᠵᠤ ᠶᠠᠪᠣᠭᠰᠠᠨ ᠳᠤ ᠪᠠᠨ ᠬᠠᠷᠠᠮᠰᠠᠭ᠎ᠠ ᠥᠭᠡᠢ

ᠡᠩᠬᠦᠷᠡᠢ ᠦᠷ᠎ᠡ ᠪᠠᠨ ᠭᠦᠮᠤᠨ ᠤ ᠵᠡᠷᠭᠡ ᠳᠤ ᠭᠦᠷᠭᠡᠵᠤ

            ᠵᠤᠪᠠᠵᠤ ᠢᠷᠡᠭ᠍ᠰᠡᠨ ᠶᠢᠡᠨ ᠳᠤᠷᠠᠰᠤᠭ᠎ᠠ ᠥᠭᠡᠢ

ᠬᠠᠢ᠌ᠰᠤ ᠰᠢᠨᠠᠭᠠᠨ ᠤ ᠵᠥᠯᠭᠦᠭᠦᠷ ᠪᠣᠯᠤᠨ ᠰᠠᠮᠠᠷᠠᠵᠤ

           ᠨᠠᠰᠤ ᠪᠠᠨ ᠪᠠᠷᠠᠭᠰᠠᠨ ᠳᠤ ᠪᠠᠨ ᠭᠤᠳᠤᠷᠠᠭ᠎ᠠ ᠥᠭᠡᠢ

ᠬᠠᠭᠠᠷᠬᠠᠢ ᠠᠮᠢᠳᠤᠷᠠᠯ ᠤᠨ ᠨᠥᠭᠦᠭᠡᠰᠤ ᠪᠣᠯᠤᠨ ᠦᠷᠡᠭ᠍ᠳᠡᠵᠤ

           ᠪᠣᠱᠤᠭᠠᠨ ᠳᠤ ᠬᠠᠰᠢᠭᠳᠠᠭᠰᠠᠨ ᠳᠤ ᠪᠠᠨ ᠭᠤᠮᠤᠳᠠᠭ᠎ᠠ ᠦᠭᠡᠶ ᠡ ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11816
ᠴᠠᠭ᠄ 2014 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ