☆ ᠡᠰᠨᠢᠯ
ᠭᠤᠪᠢ ᠶᠢᠨ ᠴᠢᠨ᠋ᠸ᠎ᠠ
ᠭᠤᠤᠯ ᠳᠠᠭᠠᠷᠢᠮᠠ ᠬᠠᠪᠣᠷ ᠤᠨ ᠰᠠᠯᠭᠢᠨ ᠢ ᠰᠦᠷᠴᠤ
ᠭᠤᠷᠠᠩᠭ᠋ᠤᠳᠠᠭᠰᠠᠨ ᠳᠠᠷ ᠶᠢᠡᠨ ᠡᠷ᠎ᠡ ᠰᠦᠰᠦ ᠪᠠᠷ ᠰᠠᠯᠪᠢᠵᠤ
ᠦᠯ ᠪᠣᠭᠤᠷᠤᠯ ᠦᠨᠢᠳᠠ ᠶᠢᠨ ᠳᠤᠮᠤᠭ ᠶᠢᠡᠨ ᠴᠠᠳᠢᠭᠯᠠᠨ
ᠥᠭᠦᠯ ᠰᠡᠭᠡᠯ ᠤᠨ ᠬᠠᠳᠠᠭᠤ ᠬᠠᠭᠤᠳᠠᠰᠤ ᠶᠢ ᠰᠡᠭ᠍ᠴᠢᠨᠡ
ᠭᠤᠪᠢ ᠴᠦᠯ ᠤᠨ ᠳᠠᠴᠢᠷ ᠣᠷᠴᠢᠨ ᠳᠤ ᠪᠠᠨ ᠣᠶᠠᠰᠤᠨ ᠣᠶᠠᠰᠤᠨ
ᠭᠤᠤ ᠵᠢᠯᠠᠭ᠎ᠠ ᠰᠤᠬᠠᠢ ᠰᠤᠵᠠᠭ ᠳᠠᠮᠵᠢᠨ ᠳᠠᠮᠵᠢᠨ
ᠳᠡᠭ᠍ᠷᠢᠯᠢᠭ᠌ ᠳᠡᠦᠭᠡ ᠶᠢᠨ ᠳᠢᠪ ᠥᠡᠳᠦᠷᠯᠢᠭ᠌ ᠦᠳᠭᠡᠨ ᠰᠢᠭᠤᠢ ᠵᠢ
ᠲᠦᠨᠡᠷ ᠬᠠᠷᠠᠩᠭ᠋ᠤᠢ ᠶᠢᠨ ᠳᠤᠮᠳᠠ ᠰᠢᠩᠰᠢᠨ ᠰᠢᠩᠰᠢᠨ ᠳᠠᠮᠳᠠᠴᠢᠨᠡ
ᠬᠠᠳᠠᠭᠤ ᠵᠤᠭᠳᠤᠷ ᠭᠡᠢ᠌ᠰᠴᠤ ᠬᠤᠷᠴᠠ ᠭᠢᠮᠤᠰᠤ ᠮᠠᠳᠠᠷᠠᠨ
ᠭᠦᠭᠡ ᠰᠠᠷᠠᠯ ᠨᠢᠭᠡᠨ ᠥᠩᠭᠡ ᠪᠦᠷᠳᠦᠯᠵᠡᠨ ᠳᠤᠭᠰᠢᠷᠠᠨᠠ
ᠬᠠᠷᠠᠭ᠎ᠠ ᠠᠯᠳᠠᠮ᠎ᠠ ᠭᠤᠪᠢ ᠴᠦᠯ ᠴᠠᠴᠠᠷᠠᠵᠤ
ᠭᠦᠡᠳᠡᠢ ᠣᠭᠳᠠᠷᠭᠤᠢ ᠳᠤ ᠭᠦᠩᠭᠢᠨᠡᠮ᠎ᠡ ᠣᠯᠢᠯᠳᠠ ᠴᠤᠤᠷᠢᠶᠠᠳᠤᠨ ᠴᠤᠤᠷᠢᠶᠠᠳᠤᠨ᠎ᠠ
ᠨᠤᠮᠢᠨ ᠨᠤᠭᠤᠭᠠᠨ ᠶᠢᠡᠷ ᠭᠡᠷᠡᠯᠳᠤᠨ ᠳᠤᠸᠠᠯᠠᠭᠰᠠᠨ ᠭᠢᠯᠢᠩᠳᠤ ᠨᠢᠳᠤᠨ ᠡᠴᠠ ᠨᠢ
ᠨᠤᠬᠤᠴᠠᠭᠠᠳᠤ ᠠᠮᠢᠳᠤᠷᠠᠯ ᠤᠨ ᠨᠤᠶᠠᠤᠨ ᠤᠨ ᠰᠤᠷᠮᠤᠤᠰᠤ ᠪᠠᠶᠠᠰᠤᠨ ᠪᠠᠶᠠᠰᠴᠤ
ᠨᠤᠭᠤᠷᠠᠯ ᠪᠣᠳᠤᠷᠢᠯ ᠤᠨ ᠭᠦᠡᠳᠤ ᠵᠠᠶᠠᠭ᠎ᠠ ᠪᠠᠨ ᠳᠠᠶᠠᠭᠳᠠᠨ ᠳᠠᠶᠠᠭᠳᠠᠨ
ᠨᠠᠷᠠᠨ ᠵᠥᠭ᠌ ᠤᠨ ᠭᠡᠢ᠌ᠮᠦᠷᠢ ᠲᠦᠰᠢᠵᠤ ᠰᠥᠭᠯᠥᠢᠨ ᠪᠣᠰᠤᠨ᠎ᠠ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 10 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ