☆ ᠰᠠ᠊·ᠣᠯᠠᠭᠠᠠᠪᠠᠭᠠᠳᠤᠷ
ᠳᠡᠭ᠍ᠷᠢ ᠬᠠᠷᠠᠭᠠᠤᠨ ᠭᠡᠪᠳᠡᠭᠦ ᠳ᠋ᠤ
ᠦᠳᠡᠰᠢ ᠰᠡᠯᠡᠭᠦᠨ ᠠᠭᠠᠷ ᠵᠢᠠᠷ
ᠠᠭᠤᠰᠭᠢ ᠵᠢᠷᠦᠭᠡ ᠪᠠᠨ ᠠᠷᠢᠭᠤᠤᠠᠬᠠᠵᠤ
ᠦᠨᠳᠦᠷ ᠳᠡᠭ᠍ᠷᠢ ᠶᠢ ᠬᠠᠷᠠᠭᠠᠤᠨ
ᠡᠪᠠᠰᠤᠨ ᠤ ᠵᠤᠵᠠᠭᠠᠨ ᠳᠡᠭᠡᠷ᠎ᠡ ᠭᠡᠳᠡᠢ᠌ᠯᠡᠭᠦ ᠳ᠋ᠤ
ᠣᠰᠤ ᠭᠦᠷᠦᠰᠤᠨ ᠤ ᠰᠤᠷᠭᠤᠭ ᠦᠨᠦᠷ
ᠦᠪᠡᠷ ᠤᠨ ᠪᠠᠶ᠎ᠠ ᠳᠤ ᠰᠢᠩᠭᠡᠷᠡᠵᠤ
ᠣᠯᠠᠨ ᠵᠣᠢ᠌ᠯ ᠤᠨ ᠪᠣᠳᠤᠯ
ᠣᠭᠤᠷᠠᠭ ᠳᠠᠷᠢᠭᠢᠨ ᠳᠤ ᠡᠷᠭᠢᠯᠳᠦᠨ᠎ᠡ᠂
ᠳᠤᠭ᠎ᠠ ᠦᠭᠡᠶ ᠣᠯᠠᠨ ᠣᠳᠤᠨ ᠮᠠᠴᠢᠳ
ᠳᠡᠭ᠍ᠷᠢ ᠳᠦᠭᠦᠷᠡᠩ ᠭᠡᠷᠡᠯᠳᠦᠨ᠎ᠡ
ᠳᠡᠷᠳᠡᠭᠡ ᠬᠤᠯᠠ ᠶᠢᠨ ᠣᠷᠴᠢᠯᠠᠩ ᠢ
ᠳᠠᠳᠠᠨᠤᠰ ᠡᠵᠡᠯᠡᠭᠡᠳ ᠢᠨᠢᠶᠡᠮᠰᠦᠭᠡᠯᠡᠨᠡ
ᠬᠠᠶᠠ ᠵᠠᠷᠢᠮ ᠨᠢ ᠨᠠᠳᠠ ᠳᠠᠢ
ᠬᠠᠨᠢᠰᠠᠵᠤ ᠪᠠᠢ᠌ᠬᠤ ᠰᠢᠭ ᠬᠠᠷᠠᠭᠳᠠᠨ᠎ᠠ
ᠬᠠᠮᠠᠷ ᠠᠮᠠ ᠪᠠᠷ ᠶᠢᠡᠨ ᠳᠤᠭᠢᠶ᠎ᠠ ᠦᠭᠭᠦᠭᠡᠳ
ᠳᠠᠭᠤᠳᠠᠵᠤ ᠪᠠᠢ᠌ᠬᠤ ᠰᠢᠭ ᠥᠵᠡᠭ᠍ᠳᠡᠨ᠎ᠡ
ᠣᠷᠤᠨ ᠪᠠᠢ᠌ᠷᠢ ᠪᠣᠯᠢᠶᠠᠯᠳᠠᠵᠤ
ᠣᠳᠤᠳ ᠳᠤᠮᠳᠠ ᠪᠠᠨ ᠲᠦᠯᠭᠢᠯᠳᠤᠨᠠ
ᠣᠴᠢ ᠭᠠᠯ ᠴᠠᠭᠢᠯᠠᠭᠤᠯᠤᠨ
ᠣᠷᠤᠭ᠎ᠠ ᠶᠢᠨ ᠪᠣᠬ᠎ᠠ ᠰᠢᠭ᠌ ᠪᠠᠰᠠ ᠮᠦᠷᠭᠦᠯᠳᠦᠨᠡ
ᠦᠵᠡᠵᠤ ᠶᠠᠳᠠᠭᠰᠠᠨ ᠵᠠᠷᠢᠮ ᠨᠢ
ᠡᠮᠦᠨ᠎ᠡ ᠪᠠᠨ ᠵᠠᠮ ᠶᠢᠡᠨ ᠬᠠᠢ᠌ᠨ᠎ᠠ
ᠣᠠᠴᠠ ᠶᠢᠨ ᠰᠡᠯᠡᠭᠦᠤ ᠭᠠᠵᠠᠷ ᠢ ᠡᠷᠢᠵᠤ
ᠥᠭᠡᠳᠡ ᠣᠷᠤᠭᠤ ᠨᠡᠭᠦᠳᠡᠯᠯᠡᠨ᠎ᠡ᠂
ᠠᠰᠢᠳᠠ ᠶᠢᠨ ᠣᠳᠤᠳ ᠡᠭᠦᠯᠡᠰᠢᠷᠡᠨ
ᠠᠢ᠌ᠮᠠᠭ ᠠᠢ᠌ᠮᠠᠭ ᠶᠢᠡᠷ ᠶᠢᠡᠨ ᠳᠠᠷᠬᠠᠨᠠ
ᠠᠰ ᠠᠰ ᠲᠠᠭᠠᠨ ᠴᠠᠭᠠᠷᠢᠭᠯᠠᠵᠤ
ᠠᠮᠢᠳᠤᠷᠠᠯ ᠳᠠᠮᠠᠴᠠᠯ ᠦᠷᠨᠢᠭᠦᠯᠦᠨ᠎ᠡ᠂
ᠬᠠᠢ᠌ᠷ᠎ᠠ ᠰᠡᠳᠬᠢᠯ ᠤᠨ ᠰᠢᠵᠢᠮ ᠵᠢᠠᠷ
ᠬᠠᠷᠢᠯᠴᠠᠨ ᠳᠠᠳᠠᠯᠳᠠᠵᠤ ᠡᠷᠭᠢᠨ᠎ᠡ
ᠬᠠᠯᠠᠭᠤᠨ ᠬᠠᠢ᠌ᠷ᠎ᠠ ᠳᠠᠭᠠᠨ ᠰᠢᠳᠠᠵᠤ
ᠬᠠᠷᠠᠭᠠᠨ ᠤ ᠬᠤᠯᠠ ᠡᠴᠠ ᠭᠡᠷᠡᠯᠳᠦᠨ᠎ᠡ
ᠲᠦᠪ ᠲᠤ ᠳᠡᠮᠡᠤᠯᠡᠭᠦ ᠭᠦᠴᠤ ᠪᠠᠷ
ᠳᠤᠰ ᠳᠤᠰ ᠲᠠᠭᠠᠨ ᠪᠦᠭᠡᠷᠡᠩᠭᠡᠷᠡᠨᠡ
ᠲᠦᠯᠭᠢᠵᠤ ᠳᠠᠳᠠᠭᠠᠤᠨ ᠳᠤᠭᠳᠠᠭᠠᠭᠰᠠᠨ
ᠳᠤᠭᠤᠷᠢᠯᠳᠠ ᠶᠢᠨ ᠵᠠᠮ ᠶᠢᠡᠷ ᠶᠢᠡᠨ ᠠᠶᠠᠯᠠᠨ᠎ᠠ
ᠣᠢ᠌ᠯᠭᠠᠭᠳᠠᠰᠢ ᠦᠭᠡᠶ ᠨᠢᠭᠤᠴᠠ ᠣᠷᠴᠢᠯᠠᠩ
ᠣᠬᠠᠭᠠᠨ ᠪᠣᠳᠤᠯ ᠢ ᠳᠦᠭᠡᠷᠢᠭᠦᠯᠦᠨᠡ
ᠣᠷᠤᠨ ᠴᠠᠭ ᠵᠤᠭᠰᠤᠯᠳᠠ ᠥᠭᠡᠢ
ᠣᠯᠠᠷᠢᠵᠤ ᠬᠤᠪᠢᠷᠠᠨ ᠣᠠᠳᠤᠤᠰᠢᠨᠠ᠂
ᠭᠦᠰᠡᠯ ᠪᠣᠳᠤᠯ ᠤᠨ ᠴᠠᠭᠢᠯᠭᠠᠨ ᠵᠢᠠᠨ
ᠭᠦᠮᠤᠨ ᠳᠦᠷᠤᠯᠭᠢᠳᠠᠨ ᠶᠠᠪᠣᠭᠤᠯᠤᠨ᠎ᠠ
ᠭᠦᠭᠡᠮᠳᠦᠭ᠌ ᠳᠡᠭ᠍ᠷᠢ ᠴᠢᠮᠡᠭᠡ ᠥᠭᠡᠢ
ᠭᠦᠭᠡᠷᠡᠨ ᠴᠡᠩᠭᠡᠷᠳᠡᠵᠤ ᠳᠤᠨᠤᠷᠠᠨ᠎ᠠ
ᠶᠡᠭᠡ ᠪᠠᠭ᠎ᠠ ᠬᠤᠶᠠᠷ ᠤᠨ ᠡᠵᠡᠯᠡᠭᠦᠨ
ᠭᠡᠮᠵᠢᠶ᠎ᠡ ᠭᠢᠵᠠᠭᠠᠷ ᠦᠭᠡᠶ ᠦᠷᠭᠦᠯᠵᠢᠯᠡᠨ᠎ᠡ
ᠶᠠᠷᠤ ᠪᠣᠰᠤ ᠶᠢᠨ ᠡᠨᠡ ᠶᠡᠭᠡ ᠣᠷᠤᠰᠢᠬᠤᠢ ᠵᠢᠨ
ᠢᠷᠠᠯ ᠭᠠᠷᠤᠯ ᠨᠢ ᠦᠯᠦ ᠣᠢ᠌ᠯᠠᠭᠠᠭᠳᠠᠨᠠ
ᠡᠷᠦᠢ ᠬᠤᠷᠤᠢ ᠦᠭᠡᠶ ᠣᠷᠴᠢᠯᠠᠩ ᠤᠨ
ᠡᠭᠢᠯᠡᠯ ᠡᠭᠦᠰᠦᠯ ᠬᠠᠮᠢᠭ᠎ᠠ ᠪᠠᠢ᠌ᠨ᠎ᠠ ⁉
ᠡᠷᠭᠢᠭᠡᠳ ᠪᠠᠢ᠌ᠳᠠᠭ ᠴᠠᠭ ᠮᠦᠴᠡ ᠳ᠋ᠤ
ᠡᠴᠦᠰ ᠤᠨ ᠴᠡᠭ᠌ ᠭᠢᠵᠤ ᠪᠠᠢ᠌ᠨ᠎ᠠ ᠦᠦ᠂ ᠦᠭᠡᠶ ᠦᠦ⁉
ᠵᠤᠬᠢᠶᠠᠭᠴᠢ ᠶᠢᠨ ᠬᠠᠶᠢᠭ ᠄ ᠰᠢᠠᠵᠢᠶᠠᠩ ᠶᠢᠨ ᠪᠣᠷᠤᠳᠠᠯ᠎ᠠ ᠵᠸᠤ ᠶᠢᠨ ᠣᠷᠠᠯᠢᠭ ᠤᠨ ᠣᠷᠳᠤᠨ
ᠵᠤᠬᠢᠶᠠᠭᠴᠢ᠄ ᠰᠠ᠊·ᠣᠯᠠᠭᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ