☆ ᠰᠠᠷ᠎ᠠ
ᠠᠭᠤᠯᠠᠰ ᠤᠨ ᠵᠠᠢ ᠪᠠᠷ ᠊᠊᠊᠊᠊᠊᠊᠊᠊᠊᠊᠊᠊᠊᠊᠊᠊᠊᠊᠊᠊᠊᠊᠊᠊᠊᠊᠊ ᠴᠢᠮ᠎ᠠ ᠪᠠᠨ ᠦᠨᠦᠰᠤᠶ᠎ᠠ
ᠬᠠᠷᠠᠭ᠎ᠠ ᠠᠯᠤᠰᠯᠠᠭᠰᠠᠨ
ᠠᠭᠤᠯᠠᠰ ᠤᠨ ᠡᠯᠢᠭᠡ ᠪᠠᠷ ᠳᠠᠮᠵᠢᠬᠤ
ᠭᠡᠳᠤᠨ ᠮᠢᠩᠭ᠋ᠠᠨ ᠤ ᠠᠯᠤᠰ ᠢ
ᠳᠡᠷᠭᠡᠳᠡ ᠨᠡᠭᠦᠯᠭᠡᠨ ᠠᠪᠴᠢᠷᠠᠬᠤ
ᠭᠡᠨ ᠴᠤ ᠭᠦᠷᠦᠮ᠎ᠡ ᠥᠭᠡᠢ
ᠰᠡᠳᠭᠢᠯ ᠤᠨ ᠵᠠᠢ ᠶᠢ ᠳᠤᠪᠳᠤᠯᠤᠨ
ᠭᠡᠵᠢᠶ᠎ᠡ ᠴᠤ ᠡᠷᠢᠭ᠍ᠳᠡᠭᠦ
ᠬᠠᠢ᠌ᠯᠭᠠᠨ ᠳᠤᠭᠳᠤᠯᠤᠯ ᠶᠢᠡᠷ ᠪᠠᠳᠠᠷᠠᠬᠤ
ᠡᠩᠭᠦᠷᠡᠢ᠌ᠭᠡᠨ ᠠᠯᠠᠭ᠎ᠠ
ᠬᠠᠴᠠᠷ ᠪᠢᠳᠡᠭᠦᠯᠤᠨ ᠥᠨᠦᠰᠭᠦ
ᠡᠯᠢᠭᠡᠨ ᠳᠤ ᠪᠠᠨ ᠥᠮᠴᠢᠷᠭᠡᠨ
ᠵᠢᠷᠦᠭᠡᠨ ᠴᠤᠭᠢᠯᠭ᠎ᠠ ᠬᠤᠷᠳᠤᠰᠬᠠᠬᠤ
ᠬᠠᠯᠠᠭᠤᠨ ᠠᠮᠢᠰᠬᠤᠭ᠎ᠠ ᠪᠠᠷ
ᠰᠤᠷᠮᠤᠤᠰᠤ ᠴᠢᠭᠢᠭ᠍ᠳᠡᠭᠦᠯᠤᠨ ᠨᠦᠷᠢᠭᠦ
ᠬᠠᠷᠠᠬᠠᠨ ᠭᠡᠵᠢᠭᠡ
ᠴᠡᠴᠡᠭ᠌ ᠤᠨ ᠠᠩᠭᠢᠯᠤᠮ᠎ᠠ ᠪᠠᠷ ᠠᠰᠬᠠᠷᠠᠬᠤ
ᠴᠠᠭ ᠴᠠᠭ ᠵᠢᠠᠷ
ᠴᠤᠭᠢᠯᠠᠬᠤ ᠪᠠᠨ ᠮᠠᠷᠳᠠᠨ ᠨᠡᠭᠦᠭᠦ
ᠴᠠᠭᠢᠯᠳᠠᠭ ᠭᠡᠵᠢᠶ᠎ᠡ ᠴᠤ
ᠣᠯᠠᠷᠢᠯ ᠲᠡᠶ ᠦᠷᠢᠰᠤᠨ ᠭᠦᠭᠡᠷᠡᠭᠦ
ᠴᠠᠢ᠌ᠯᠭᠠᠨ ᠦᠬᠢᠨ
ᠦᠪᠡᠷ ᠢ ᠪᠠᠨ ᠮᠠᠷᠳᠠᠨ ᠳᠠᠯᠮᠠᠢ᠌ᠷᠠᠬᠤ
ᠴᠡᠩᠭᠡᠷ ᠠᠶᠠᠯᠭᠤ
ᠠᠮᠢᠳᠤ ᠵᠢᠷᠤᠭ ᠶᠢᠡᠷ ᠳᠤᠳᠤᠷᠠᠬᠤ᠁
ᠦᠪᠡᠷ ᠤᠨ ᠰᠢᠯᠦᠭ᠌ ᠪᠠ ᠬᠠᠯᠢᠨ ᠤ ᠳᠠᠭᠤᠤ ᠶᠢ ᠨᠡᠢ᠌ᠯᠡᠭᠦᠯᠪᠡ
2011.08.25
ᠵᠤᠬᠢᠶᠠᠭᠴᠢ ᠶᠢᠨ ᠬᠠᠶᠢᠭ ᠄ ᠣᠯᠭᠠᠠᠬᠠᠳᠠ ᠬᠤᠳᠠ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ