ᠨᠡᠪᠲᠡᠷᠡᠨ ᠤᠷᠤᠬᠤ
ᠮᠤᠷᠢ

ᠠᠷᠪᠠᠨ ᠭᠤᠷᠪᠠᠳᠤᠭᠠᠷ ᠵᠠᠭᠤᠨ ᠤ ᠬᠠᠮᠤᠭ ᠶᠡᠭᠡ ᠬᠤᠷᠳᠤ

ᠠᠽᠢᠶ᠎ᠠ ᠧᠦ᠋ᠷᠦᠫᠡ ᠶᠢ ᠳᠤᠪᠳᠤᠯᠤᠭᠰᠠᠨ ᠬᠠᠮᠤᠭ ᠶᠡᠭᠡ ᠳᠠᠮᠠᠭ᠎ᠠ

ᠡᠵᠡᠨ ᠴᠢᠩᠭᠢᠰ ᠤᠨ ᠡᠷᠢᠯ ᠶᠢᠡᠷ ᠠᠠᠳᠠ ᠣᠯᠤᠭᠰᠠᠨ ᠰᠢᠯᠳᠠᠭᠠᠨ

ᠡᠢ᠌ᠯᠡᠵᠤ ᠶᠠᠪᠣᠭᠠᠤᠨ ᠡᠷᠭᠢᠭᠡᠳ ᠪᠣᠴᠠᠭᠰᠠᠨ ᠢᠳᠡᠭᠡᠯ

ᠮᠤᠳᠤ ᠪᠠᠷ ᠰᠡᠢ᠌ᠯᠦᠭᠡᠳ ᠮᠤᠳᠤᠷ ᠣᠨᠤᠭᠰᠠᠨ ᠠᠶᠠᠯᠭᠤ

ᠮᠦᠽᠸᠢ ᠶᠢᠨ ᠳᠡᠭᠡᠷ᠎ᠡ ᠳᠠᠪᠭᠢᠵᠤ ᠳᠡᠭᠦᠯᠢᠭ᠍ᠰᠡᠨ ᠳᠦᠷᠢ

ᠨᠢᠭᠡ ᠶᠠᠰᠤᠳᠠᠨ ᠢ ᠡᠭᠦᠷᠴᠤ ᠶᠠᠪᠣᠭᠰᠠᠨ ᠭᠠᠪᠢᠶ᠎ᠠ

ᠨᠠᠢ᠌ᠳᠠ ᠣᠯᠤᠰ ᠤᠨ ᠪᠢᠰᠢᠷᠠᠵᠤ ᠰᠤᠳᠤᠯᠤᠭᠰᠠᠨ ᠰᠠᠳᠤᠪ

ᠣᠷᠭ᠎ᠠ ᠳᠤ ᠪᠠᠷᠢᠭᠳᠠᠬᠤ ᠣᠷᠳᠤ ᠨᠠᠷᠢᠨ ᠭᠦᠵᠦᠭᠦᠤ

ᠣᠷᠤᠭᠰᠢ ᠪᠠᠨ ᠳᠡᠮᠡᠤᠯᠡᠭᠦ ᠴᠢᠳᠤᠷ ᠦᠭᠡᠶ ᠵᠡᠭᠦᠳᠤ

ᠳᠡᠭ᠍ᠷᠢ ᠶᠢᠨ ᠳᠤᠤᠷᠠᠭᠢ ᠬᠠᠮᠤᠭ ᠰᠠᠢ᠌ᠨ ᠬᠠᠨᠢ

ᠳᠢᠪ ᠤᠨ ᠬᠤᠭᠤᠷᠤᠠᠳᠤᠭᠢ ᠬᠠᠮᠤᠭ ᠣᠷᠳᠤ ᠵᠦᠳᠡᠷᠡᠯ

ᠡᠷ᠎ᠡ ᠭᠦᠮᠤᠨ ᠤ ᠴᠢᠮᠡᠭ᠌ ᠡᠮᠡᠭᠡᠯ ᠬᠠᠵᠠᠭᠠᠷ ᠤᠨ ᠡᠵᠡᠨ

ᠰᠦᠯᠳᠡ ᠶᠢᠨ ᠣᠷᠤᠨ ᠳᠤ ᠳᠠᠭᠢᠵᠤ ᠳᠠᠯᠪᠢᠭᠰᠠᠨ ᠭᠦᠷᠦᠭ᠌

ᠰᠦᠷᠤᠩ ᠨᠢ ᠴᠥᠭᠡᠷᠡᠵᠤ ᠳᠠᠯ᠎ᠠ ᠨᠢ ᠢᠪᠴᠤᠷᠤᠭᠰᠠᠨ ᠭᠤᠳᠤᠷᠠᠯ

ᠣᠩᠭ᠋ᠤᠨ ᠪᠠᠢ᠌ᠭᠠᠯᠢ ᠶᠢᠨ ᠠᠮᠢ ᠲᠡᠩᠴᠡᠬᠦᠷᠢ ᠶᠢᠨ ᠣᠷᠢᠶ᠎ᠠ

ᠣᠳᠤᠮᠳᠤ ᠮᠤᠩᠭ᠋ᠤᠯ ᠤᠨ ᠰᠡᠳᠭᠢᠯ ᠢᠳᠡᠭᠡᠯ ᠤᠨ ᠴᠤᠤᠷᠢᠶ᠎ᠠ

ᠮᠥᠩᠭᠡ ᠰᠤᠶᠤᠯ ᠤᠨ ᠭᠢᠯᠠᠯᠵᠠᠨ ᠵᠢᠷᠭᠠᠬᠤ ᠦᠪ

ᠮᠤᠯᠤᠷ ᠡᠷᠳᠡᠨᠢ ᠶᠢᠨ ᠦᠨ᠎ᠡ ᠳᠤ ᠣᠷᠤᠬᠤ ᠢᠷᠡᠭᠡᠳᠦᠢ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ