ᠨᠡᠪᠲᠡᠷᠡᠨ ᠤᠷᠤᠬᠤ
ᠳᠤᠷᠠᠯᠠᠯ ᠤᠨ ᠮᠤᠳᠤᠨ ᠳᠤ ᠵᠢᠮᠢᠰ ᠰᠠᠭᠤᠭᠰᠠᠨ ᠥᠭᠡᠢ

ᠳᠠᠷᠠ ᠬᠠᠪᠣᠷ -----

ᠴᠢᠨᠤ ᠨᠤᠳᠤᠭ ᠤᠨ ᠭᠦᠷᠦᠰᠤᠨ ᠳᠤ

ᠪᠢᠳᠠ ᠬᠤᠶᠠᠭᠤᠯᠠ

ᠳᠤᠷᠠᠯᠠᠯ ᠤᠨ ᠮᠤᠳᠤ ᠵᠠᠢ᠌ᠯᠠᠭᠰᠠᠨ ᠶᠤᠮ

ᠬᠠᠢ᠌ᠷ᠎ᠠ ᠶᠢᠨ ᠪᠣᠯᠠᠭ ᠶᠢᠡᠨ ᠣᠠᠳᠤᠷᠤᠭᠤᠯᠵᠤ

ᠬᠤᠷ᠎ᠠ ᠬᠤᠮᠰᠠᠳᠠᠭᠤᠯᠤᠭᠰᠠᠨ ᠦᠭᠡᠶ ᠥᠰᠭᠡᠭ᠍ᠰᠡᠨ ᠶᠤᠮ

ᠬᠠᠯᠠᠭᠤᠨ ᠨᠠᠷᠠ ᠰᠢᠷᠠᠬᠤ ᠡᠴᠡ ᠠᠶᠤᠵᠤ

ᠬᠠᠢ᠌ᠷ᠎ᠠ ᠶᠢᠨ ᠰᠢᠭᠦᠷ ᠶᠢᠡᠨ ᠡᠷᠭᠦᠭ᠍ᠰᠡᠨ ᠶᠤᠮ

ᠬᠠᠯᠢᠰᠤ ᠮᠦᠴᠢᠷ ᠢ ᠨᠢ ᠬᠠᠮᠠᠭᠠᠯᠠᠵᠤ

ᠨᠠᠪᠴᠢ ᠨᠠᠭᠢᠶ᠎ᠠ ᠭᠦᠯᠦᠭᠡᠯᠡᠭᠦᠯᠦᠭ᠍ᠰᠡᠨ ᠶᠤᠮ

ᠬᠤᠵᠢᠮ ᠨᠢ ᠴᠢ -----

ᠮᠢᠨᠤ ᠠᠷᠤ ᠳᠤ

ᠭᠡᠯᠡ ᠣᠠᠳᠤᠤ ᠬᠡᠦᠭᠡᠨ ᠲᠡᠶ

ᠬᠠᠢ᠌ᠷ᠎ᠠ ᠶᠢᠨ ᠮᠤᠳᠤ

ᠬᠤᠯᠠᠭᠤᠨ ᠵᠠᠢ᠌ᠯᠠᠴᠢᠬᠠᠭᠰᠠᠨ ᠶᠤᠮ

ᠳᠡᠯᠭᠡᠷᠡᠴᠢᠭᠡᠭ᠍ᠰᠡᠨ ᠴᠡᠴᠡᠭ᠌ ᠶᠢᠡᠨ

ᠰᠠᠯᠭᠢᠨ ᠪᠣᠯᠵᠤ ᠥᠯᠢᠶᠡᠭ᠍ᠰᠡᠨ ᠶᠤᠮ

ᠰᠠᠭᠤᠮᠠᠷ ᠪᠣᠯᠤᠭᠰᠠᠨ ᠵᠢᠮᠢᠰ ᠶᠢᠡᠨ

ᠭᠢᠷᠠᠭᠤ ᠪᠣᠯᠵᠤ ᠭᠦᠯᠳᠡᠭᠡᠭ᠍ᠰᠡᠨ ᠶᠤᠮ

ᠳᠡᠭᠡᠭᠡᠳ ᠪᠢ ------

ᠳᠠᠷᠠ ᠡᠳᠦᠷ ᠡᠴᠡ ᠬᠣᠢ᠌ᠰᠢ

ᠴᠢᠨᠤᠭᠢ

ᠬᠠᠢ᠌ᠷ᠎ᠠ ᠴᠢᠨᠢ ᠬᠠᠭᠤᠷᠮᠠᠭ ᠪᠠᠢ᠌ᠵᠤ

ᠢᠨᠢᠶᠠᠳᠤ ᠴᠢᠨᠢ ᠬᠤᠳᠠᠯ ᠭᠡᠳᠡᠭ᠌ ᠢ

ᠬᠤᠪᠳᠤᠯ ᠳᠠᠭᠠᠨ

ᠭᠦᠨ ᠳᠠᠨᠢᠭᠰᠠᠨ ᠶᠤᠮ

ᠭᠢᠷᠠᠭᠤ ᠳᠤ ᠴᠤᠭᠢᠭᠳᠠᠭᠰᠠᠨ

ᠳᠠᠷᠠ ᠮᠤᠳᠤ ᠪᠠᠨ

ᠵᠢᠷᠤᠭ ᠰᠡᠭᠦᠳᠡᠷ ᠪᠣᠯᠭᠠᠵᠤ

ᠵᠢᠷᠦᠭᠡᠨ ᠳᠠᠯ᠎ᠠ ᠳᠠᠭᠠᠨ ᠨᠠᠭᠠᠭᠰᠠᠨ ᠶᠤᠮ

ᠮᠥᠩᠭᠡ ᠶᠢᠨ ᠰᠠᠳᠤᠪ ᠪᠣᠯᠭᠠᠵᠤ

ᠰᠢᠯᠦᠭ᠌ ᠤᠨ ᠮᠦᠷ ᠲᠡᠭᠡᠨ

ᠬᠠᠳᠠᠭᠠᠯᠠᠭᠰᠠ ᠶᠤᠮ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ