ᠨᠡᠪᠲᠡᠷᠡᠨ ᠤᠷᠤᠬᠤ
ᠨᠡᠭᠦᠳᠡᠯ ᠮᠤᠩᠭ᠋ᠤᠯ

ᠲᠦᠮᠡᠨ ᠣᠨ ᠨᠡᠭᠦᠵᠤ ᠣᠷᠤᠰᠢᠭᠰᠠᠨ

ᠲᠦᠪᠰᠢᠨ ᠵᠢᠷᠭᠠᠯ ᠲᠡᠶ ᠨᠡᠭᠦᠳᠡᠯ ᠮᠤᠩᠭ᠋ᠤᠯ

ᠲᠦᠮᠡᠨ ᠠᠷᠠᠤᠨ ᠨᠢ ᠨᠡᠭᠦᠵᠤ ᠠᠮᠢᠳᠤᠷᠠᠭᠰᠠᠨ

ᠲᠦᠯ ᠤᠨ ᠳᠠᠭᠤᠨ ᠲᠡᠶ ᠨᠡᠭᠦᠳᠡᠯ ᠮᠤᠩᠭ᠋ᠤᠯ

ᠮᠢᠩᠭ᠋ᠠᠨ ᠮᠢᠩᠭ᠋ᠠᠨ ᠶᠢᠡᠷ ᠨᠡᠭᠦᠵᠤ ᠣᠳᠤᠷᠯᠠᠭᠰᠠᠨ

ᠮᠢᠠᠳᠠᠰᠤᠨ ᠵᠢᠯᠤᠭᠤ ᠲᠡᠶ ᠨᠡᠭᠦᠳᠡᠯ ᠮᠤᠩᠭ᠋ᠤᠯ

ᠮᠢᠠᠵᠢ ᠶᠢᠨ ᠬᠠᠩᠭ᠋ᠠᠢ ᠪᠠᠷ ᠨᠡᠭᠦᠵᠤ ᠪᠠᠭᠤᠭᠰᠠᠨ

ᠮᠢᠯᠢᠶᠠᠯᠭ᠎ᠠ ᠢᠷᠦᠭᠡᠯ ᠲᠡᠶ ᠨᠡᠭᠦᠳᠡᠯ ᠮᠤᠩᠭ᠋ᠤᠯ

ᠠᠷᠭᠠᠯ ᠤᠨ ᠣᠳᠤᠭ᠎ᠠ ᠨᠢ ᠳᠤᠯᠠᠭᠠᠨ ᠪᠠᠢ᠌ᠳᠠᠭ

ᠠᠵᠢᠯᠴᠢ ᠵᠤᠴᠢᠠᠰᠠᠭ ᠨᠡᠭᠦᠳᠡᠯ ᠮᠤᠩᠭ᠋ᠤᠯ

ᠠᠷᠠᠵᠠ ᠶᠢᠨ ᠳᠡᠭᠡᠵᠢ ᠪᠠᠨ ᠰᠦᠩᠨᠠᠨ ᠪᠠᠷᠢᠳᠠᠭ

ᠠᠶᠠᠯᠭᠤ ᠢᠷᠠᠭᠤ ᠨᠡᠭᠦᠳᠡᠯ ᠮᠤᠩᠭ᠋ᠤᠯ

ᠣᠯᠠᠷᠢᠯ ᠶᠢᠡᠨ ᠳᠠᠭᠠᠵᠤ ᠨᠡᠭᠦᠵᠤ ᠮᠠᠯᠵᠢᠳᠠᠭ

ᠣᠳᠤᠮᠰᠢᠯᠳᠤ ᠰᠠᠢ᠌ᠬᠠᠨ ᠨᠡᠭᠦᠳᠡᠯ ᠮᠤᠩᠭ᠋ᠤᠯ

ᠣᠰᠤ ᠪᠠᠨ ᠳᠠᠭᠠᠵᠤ ᠣᠷᠤᠭᠤᠳᠠᠵᠤ ᠥᠭ᠍ᠰᠦᠳᠡᠭ᠌

ᠣᠷᠳᠤ ᠣᠳᠠᠭᠠᠨ ᠨᠡᠭᠦᠳᠡᠯ ᠮᠤᠩᠭ᠋ᠤᠯ

ᠣᠷᠭ᠎ᠠ ᠶᠢᠨ ᠥᠵᠦᠭᠦᠷ ᠲᠤ ᠨᠠᠷᠠᠨ ᠨᠡᠭᠦᠳᠡᠭ᠌

ᠣᠬᠠᠭᠠᠨ ᠴᠡᠯᠮᠡᠭ᠌ ᠨᠡᠭᠦᠳᠡᠯ ᠮᠤᠩᠭ᠋ᠤᠯ

ᠣᠭᠤᠷᠠᠭ ᠰᠥ᠋ ᠳ᠋ᠤᠨᠢ ᠰᠠᠷᠠᠨ ᠵᠠᠭᠰᠠᠳᠠᠭ

ᠣᠷᠠᠨ ᠠᠪᠢᠶᠠᠰᠯᠢᠭ ᠨᠡᠭᠦᠳᠡᠯ ᠮᠤᠩᠭ᠋ᠤᠯ

ᠰᠦ᠋ ᠲᠡᠶ ᠴᠠᠢ ᠳ᠋ᠤᠨᠢ ᠣᠷᠮᠠᠰ ᠰᠡᠷᠭᠦᠳᠡᠭ᠌

ᠰᠦᠨᠠᠰᠤ ᠬᠤᠷᠭᠤᠳᠠᠮ᠎ᠠ ᠨᠡᠭᠦᠳᠡᠯ ᠮᠤᠩᠭ᠋ᠤᠯ

ᠰᠦᠷ ᠰᠦᠯᠳᠡ ᠳ᠋ᠤᠨᠢ ᠰᠥᠰᠦᠭᠯᠡᠵᠤ ᠪᠢᠰᠢᠷᠡᠳᠡᠭ᠌

ᠰᠥᠰᠦᠭ᠌ ᠶᠡᠭᠡ ᠲᠡᠶ ᠨᠡᠭᠦᠳᠡᠯ ᠮᠤᠩᠭ᠋ᠤᠯ

ᠠᠭᠤᠳᠠᠮ ᠳᠠᠯ᠎ᠠ ᠳᠠᠭᠠᠨ ᠣᠶᠠᠩᠭ᠋ᠠᠷᠠᠨ ᠪᠠᠢ᠌ᠳᠠᠭ

ᠣᠷᠳᠤ ᠶᠢᠨ ᠳᠠᠭᠤᠤ ᠲᠡᠶ ᠨᠡᠭᠦᠳᠡᠯ ᠮᠤᠩᠭ᠋ᠤᠯ

ᠠᠭᠤᠯᠠ ᠣᠰᠤᠨ ᠳᠠᠭᠠᠨ ᠡᠭᠡᠨᠡᠭ᠍ᠰᠢᠨ ᠪᠠᠢ᠌ᠳᠠᠭ

ᠤᠶᠠᠩ‍ᠭ᠎ᠠ ᠨᠠᠢ᠌ᠷᠠᠭ ᠲᠡᠶ ᠨᠡᠭᠦᠳᠡᠯ ᠮᠤᠩᠭ᠋ᠤᠯ

ᠣᠪᠣᠭ᠎ᠠ ᠪᠠᠨ ᠳᠠᠭᠢᠵᠤ ᠬᠤᠷ᠎ᠠ ᠭᠦᠰᠡᠳᠡᠭ᠌

ᠣᠩᠭ᠋ᠤᠳ ᠰᠢᠳᠦᠯᠭᠡ ᠲᠡᠶ ᠨᠡᠭᠦᠳᠡᠯ ᠮᠤᠩᠭ᠋ᠤᠯ

ᠣᠯᠤᠭᠰᠠᠨ ᠶᠢᠡᠨ ᠬᠤᠷᠠᠮᠳᠤᠭᠤᠯᠵᠤ ᠣᠢ᠌ᠯᠠᠰ ᠪᠦᠳᠦᠭᠡᠳᠡᠭ᠌

ᠣᠯᠠᠨ ᠨᠠᠢ᠌ᠳᠠ ᠲᠡᠶ ᠨᠡᠭᠦᠳᠡᠯ ᠮᠤᠩᠭ᠋ᠤᠯ

ᠳᠤᠯᠭ᠎ᠠ ᠶᠢᠨ ᠭᠠᠯ ᠨᠢ ᠪᠠᠳᠠᠷᠠᠨ ᠳᠦᠷᠡᠯᠵᠡᠭ᠍ᠰᠡᠨ

ᠳᠤᠭᠤᠷᠭ᠎ᠠ ᠬᠠᠨ᠎ᠠ ᠲᠡᠶ ᠨᠡᠭᠦᠳᠡᠯ ᠮᠤᠩᠭ᠋ᠤᠯ

ᠳᠤᠭᠤᠯ ᠢᠰᠢᠭᠡ ᠨᠢ ᠳᠤᠭᠯᠠᠨ ᠭᠦᠶ‍ᠦᠭ᠍ᠰᠡᠨ

ᠳᠤᠭᠤᠷᠠᠢ ᠶᠢᠨ ᠳᠠᠮᠠᠭ᠎ᠠ ᠲᠡᠶ ᠨᠡᠭᠦᠳᠡᠯ ᠮᠤᠩᠭ᠋ᠤᠯ

ᠪᠦᠭᠡ ᠪᠠᠷᠢᠯᠳᠤᠵᠤ ᠮᠤᠷᠢ ᠣᠷᠤᠯᠳᠤᠳᠠᠭ

ᠡᠷ᠎ᠡ ᠶᠢᠨ ᠰᠢᠠᠳᠠᠰᠤ ᠲᠡᠶ ᠨᠡᠭᠦᠳᠡᠯ ᠮᠤᠩᠭ᠋ᠤᠯ

ᠪᠦᠵᠢᠭᠯᠡᠵᠤ ᠰᠢᠯᠦᠭᠯᠡᠵᠤ ᠨᠠᠢ᠌ᠷᠯᠠᠨ ᠳᠠᠭᠤᠯᠠᠳᠠᠭ

ᠡᠷᠳᠡᠮ ᠪᠢᠯᠢᠭ᠌ ᠲᠡᠶ ᠨᠡᠭᠦᠳᠡᠯ ᠮᠤᠩᠭ᠋ᠤᠯ

ᠮᠤᠷᠢᠨ ᠳᠠᠯ ᠳᠡᠭᠡᠭᠦᠷ ᠴᠠᠭᠢᠯᠤᠭᠰᠠᠨ

ᠮᠠᠭᠢᠷ ᠰᠠᠯᠠᠮ᠎ᠠ ᠨᠡᠭᠦᠳᠡᠯ ᠮᠤᠩᠭ᠋ᠤᠯ

ᠮᠠᠷᠺᠰ ᠤᠨ ᠨᠤᠳᠤᠭ ᠭᠦᠷᠳᠡᠯ᠎ᠡ ᠳᠠᠪᠭᠢᠭᠰᠠᠨ

ᠮᠠᠷᠱ ᠠᠶᠠᠯᠠᠯ ᠨᠡᠭᠦᠳᠡᠯ ᠮᠤᠩᠭ᠋ᠤᠯ

ᠡᠷᠭᠦᠨ᠎ᠡ ᠬᠤᠨ ᠡᠴᠠ ᠳᠠᠪᠳᠠᠷᠢᠨ ᠨᠢᠰᠦᠭ᠍ᠰᠡᠨ

ᠡᠷᠡᠯᠭᠡᠭ᠌ ᠪᠦᠷᠭᠦᠤᠨ ᠨᠡᠭᠦᠳᠡᠯ ᠮᠤᠩᠭ᠋ᠤᠯ

ᠡᠩᠨᠡᠷᠡᠨ ᠵᠡᠯᠡᠯᠡᠭᠦ ᠰᠢᠪᠠᠭᠤᠳ ᠨᠤᠳᠤᠭᠰᠢᠭᠰᠠᠨ

ᠡᠭᠡ ᠣᠷᠤᠨ ᠨᠡᠭᠦᠳᠡᠯ ᠮᠤᠩᠭ᠋ᠤᠯ

ᠠᠭᠠᠷ ᠨᠢ ᠭᠦᠷᠳᠡᠯ᠎ᠡ ᠰᠦᠨ ᠦᠨᠦᠷ ᠳᠠᠢ

ᠠᠮᠤᠭᠤᠯᠠᠩᠳᠤ ᠳᠦᠷᠤ ᠶᠢᠨ ᠨᠡᠭᠦᠳᠡᠯ ᠮᠤᠩᠭ᠋ᠤᠯ

ᠠᠳᠬᠤᠭᠰᠠᠨ ᠮᠦᠰᠤ ᠶᠢᠨ ᠬᠠᠳᠠᠭᠤ ᠰᠤᠷᠭᠠᠯ ᠳᠠᠢ

ᠠᠯᠤᠩᠭ᠋ᠤᠸ᠎ᠠ ᠡᠭᠡ ᠶᠢᠨ ᠨᠡᠭᠦᠳᠡᠯ ᠮᠤᠩᠭ᠋ᠤᠯ

ᠨᠠᠮᠤᠷᠵᠢᠶ᠎ᠠ ᠡᠪᠦᠯᠵᠢᠶ᠎ᠡ ᠬᠠᠪᠣᠷᠵᠢᠶ᠎ᠠ ᠵᠤᠰᠠᠯᠠᠩ

ᠨᠠᠷᠮᠠᠢ ᠶᠡᠭᠡ ᠨᠡᠭᠦᠳᠡᠯ ᠮᠤᠩᠭ᠋ᠤᠯ

ᠨᠠᠮᠳᠠᠷ ᠳᠡᠦᠭᠡ ᠦᠨᠢ ᠣᠳᠠᠭᠠᠨ

ᠨᠠᠷᠠᠨ ᠵᠥᠭ᠌ ᠤᠨ ᠨᠡᠭᠦᠳᠡᠯ ᠮᠤᠩᠭ᠋ᠤᠯ

ᠨᠠᠰᠤ ᠨᠠᠰᠤ ᠡᠴᠠ ᠪᠠᠨ ᠠᠷᠪᠢᠨ ᠨᠡᠭᠦᠭ᠍ᠰᠡᠨ

ᠨᠡᠭᠦᠳᠡᠯ ᠤᠨ ᠰᠢᠪᠠᠭᠤ ᠡᠴᠠ ᠪᠠᠨ ᠣᠯᠠᠨ ᠨᠡᠭᠦᠭ᠍ᠰᠡᠨ

ᠨᠦᠵᠢ ᠠᠳᠬᠤᠵᠤ ᠳᠡᠯᠡᠭᠡᠢ ᠳᠤ ᠨᠡᠭᠦᠭ᠍ᠰᠡᠨ

ᠨᠠᠷ᠎ᠠ ᠨᠢ ᠭᠦᠷᠳᠡᠯ᠎ᠡ ᠽᠠᠮᠪᠣᠯᠢᠩ ᠳᠤ ᠨᠡᠭᠦᠭ᠍ᠰᠡᠨ

ᠡᠴᠢᠭᠡ ᠳᠡᠭ᠍ᠷᠢ ᠡᠴᠠ ᠡᠰᠢ ᠢᠪᠠᠭᠡᠯ ᠳᠠᠢ

ᠶ‍ᠢᠰᠦᠭᠡᠢ ᠳᠤᠭᠤᠷᠭᠠᠳᠠᠨ ᠤ ᠨᠡᠭᠦᠳᠡᠯ ᠮᠤᠩᠭ᠋ᠤᠯ

ᠶ‍ᠢᠷᠳᠢᠠᠴᠤ ᠳᠡᠯᠡᠭᠡᠢ ᠶᠢᠨ ᠦᠪ ᠰᠤᠶᠤᠯ ᠳᠠᠢ

ᠡᠵᠡᠨ ᠴᠢᠩᠭᠢᠰ ᠤᠨ ᠨᠡᠭᠦᠳᠡᠯ ᠮᠤᠩᠭ᠋ᠤᠯ ᠡ ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2829
ᠴᠠᠭ᠄ 2012 ᠤᠨ ᠤ 04 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ