☆ ᠳᠦᠪᠰᠢᠠᠵᠠᠶᠠᠭᠠ
ᠭᠢᠯᠪᠢᠭᠡᠨ ᠵᠥᠴᠦᠭᠡ ᠶᠢᠨ ᠰᠢᠷᠢᠰ
ᠶᠠᠭᠤ ᠨᠢ ᠶᠤᠰᠤ ᠪᠣᠢ ︖
ᠴᠠᠭ᠄ 2008 ᠣᠨ
ᠭᠠᠵᠠᠷ᠄ ᠣᠯᠠᠭᠠᠠᠠᠭᠤᠷ ᠭᠠᠴᠠᠭ᠎ᠠ
ᠭᠤᠤᠯ ᠳᠦᠷᠢ᠄
ᠡᠪᠦᠭᠡᠨ ᠊᠊᠊᠊᠊᠊᠊᠊᠊᠊᠊᠊᠊᠊᠊ ᠮᠠᠯᠴᠢᠨ ᠭᠦᠮᠤᠨ
ᠬᠤᠰᠢᠭᠤ ᠳᠠᠷᠤᠭ᠎ᠠ ᠊᠊᠊᠊᠊᠊᠊᠊᠊᠊᠊᠊᠊᠊᠊ ᠶᠠᠭ ᠰᠠᠢ᠌ᠨ ᠭᠦᠮᠤᠨ
ᠳᠤᠮᠤ ᠳᠠᠷᠤᠭ᠎ᠠ ᠊᠊᠊᠊᠊᠊᠊᠊᠊᠊᠊᠊᠊᠊᠊ ᠶᠠᠭᠠᠭᠢᠭᠰᠠᠨ ᠴᠤ ᠰᠠᠢ᠌ᠨ ᠭᠦᠮᠤᠨ
ᠴᠠᠭ ᠤᠨ ᠪᠠᠢ᠌ᠳᠠᠯ᠄ ᠮᠠᠰᠢ ᠳᠦᠭ᠍ᠰᠢᠭᠦᠷᠢᠳᠡᠢ ᠮᠠᠯ ᠬᠠᠰᠢᠶᠠᠯᠠᠵᠤ ᠪᠠᠢ᠌ᠭ᠎ᠠ ᠦᠶ᠎ᠡ
ᠡᠪᠦᠭᠡᠨ ᠬᠤᠤᠳᠤᠭ ᠳᠡᠭᠡᠷ᠎ᠡ ᠮᠠᠯ ᠣᠰᠤᠯᠠᠵᠤ ᠪᠠᠢ᠌ᠳᠠᠯ᠎ᠠ ᠨᠢᠭᠡᠨ ᠭᠤᠶᠤ ᠬᠠᠷ᠎ᠠ TOYOTA ᠮᠠᠰᠢᠨ ᠦᠨᠳᠦᠷ ᠬᠤᠷᠳᠤᠴᠠ ᠲᠡᠶ ᠳᠠᠪᠭᠢᠵᠤ ᠢᠷᠡᠭᠡᠳ ᠵᠤᠭᠰᠤᠮᠠᠭᠴᠠ ᠬᠤᠰᠢᠭᠤ ᠳᠠᠷᠤᠭ᠎ᠠ ᠭᠠᠷᠴᠤ ᠢᠷᠠᠨ᠎ᠡ᠃
ᠬᠤᠰᠢᠭᠤ ᠳᠠᠷᠤᠭ᠎ᠠ᠄ 《ᠴᠢ ᠶᠠᠮᠠᠷ ᠶᠤᠰᠤ ᠮᠡᠳᠡᠳᠡᠭ᠌ ᠦᠭᠡᠶ ᠭᠦᠮᠤᠨ ᠶᠤᠮ ᠪᠣᠢ ︕ ᠳᠤᠮᠤ ᠳᠠᠷᠤᠭ᠎ᠠ ᠢᠷᠡᠭᠦ ᠶᠢ ᠰᠤᠨᠤᠰᠤᠭᠰᠠᠨ ᠦᠭᠡᠶ ᠦᠦ ︕ ᠶᠠᠭᠠᠭᠢᠭᠠᠤᠨ ᠮᠠᠯ ᠶᠢᠡᠨ ᠭᠠᠷᠭᠠᠴᠢᠬᠠᠪᠠ ︖》
ᠡᠪᠦᠭᠡᠨ᠄ 《ᠶᠠᠭᠤ ᠨᠢ ᠶᠤᠰᠤ ᠪᠣᠢ ︖ ᠴᠢᠨᠤ ᠭᠡᠯᠡᠳᠡᠭ᠌ ᠳᠠᠷᠠ ᠳᠤᠮᠤ ᠳᠠᠷᠤᠭ᠎ᠠ ᠨᠢ ᠳᠡᠭᠡᠭᠡᠳ ᠴᠠᠢ ᠣᠰᠤ ᠣᠭᠤᠤᠳᠠᠭ ᠦᠭᠡᠶ ᠶᠤᠮ ᠦᠦ ︖》
ᠡᠪ ᠵᠤᠭᠢᠴᠠᠯᠳᠤ ᠠᠮᠢᠳᠤᠷᠠᠯ
ᠴᠠᠭ᠄ 2009 ᠣᠨ
ᠭᠠᠵᠠᠷ᠄ ᠬᠦᠬᠡᠬᠤᠲᠠ
ᠭᠤᠤᠯ ᠳᠦᠷᠢ᠄
ᠡᠷ᠎ᠡ ᠨᠢ ᠊᠊᠊᠊᠊᠊᠊᠊᠊᠊᠊᠊᠊᠊᠊ ᠪᠠᠭ᠎ᠠ ᠠᠯᠪᠠᠨ ᠳᠤᠰᠢᠶᠠᠯᠳᠠᠨ
ᠪᠦᠰᠡᠭᠦᠢ ᠨᠢ ᠊᠊᠊᠊᠊᠊᠊᠊᠊᠊᠊᠊᠊᠊᠊ ᠵᠢᠱᠢᠶᠠᠴᠢ ᠠᠯᠪᠠᠨ ᠠᠵᠢᠯᠳᠠᠨ
ᠡᠷ᠎ᠡ ᠨᠢ ᠭᠡᠷ ᠤᠨ ᠶᠢᠡᠨ ᠡᠭᠦᠳᠡ ᠪᠠᠷ ᠭᠠᠷᠬᠤ ᠭᠡᠰᠡᠨ ᠶᠢᠡᠨ ᠪᠦᠰᠡᠭᠦᠢ ᠪᠠᠨ ᠡᠩᠬᠦᠷᠡᠢ᠌ᠭᠡᠨ ᠳᠠᠪᠠᠷᠢᠵᠤ ᠥᠨᠦᠰᠦᠭᠡᠳ᠄ 《ᠬᠤᠩᠭ᠋ᠤᠷ ᠮᠢᠨᠢ ︕ ᠪᠢ ᠴᠢᠮ᠎ᠠ ᠡᠴᠡ ᠪᠠᠨ ᠨᠢᠭᠡ ᠮᠢᠨᠦ᠋ᠲ ᠴᠤ ᠰᠠᠯᠤᠮᠠᠷ ᠦᠭᠡᠶ ᠪᠠᠢ᠌ᠨ᠎ᠠ᠃ ᠠᠯᠪᠠᠨ ᠤ ᠪᠠᠨ ᠳᠠᠷᠠ ᠭᠡᠳᠤᠨ ᠭᠦᠮᠤᠨ ᠢ ᠥᠵᠡᠭᠦ ᠡᠴᠡ ᠪᠠᠨ ᠳᠤᠯᠤᠭᠠᠢ ᠡᠪᠡᠳᠭᠦ ᠶᠤᠮ᠃ ᠪᠣᠯᠳᠠᠭ ᠰᠠᠨ ᠪᠣᠯ ᠡᠳᠦᠷᠵᠢᠨ ᠴᠢᠮ᠎ᠠ ᠳᠠᠭᠠᠨ ᠡᠷᠭᠡᠯᠡᠵᠤ᠂ ᠴᠢᠮᠢ᠋ᠢ ᠪᠠᠨ ᠡᠷᠭᠡᠯᠡᠭᠦᠯᠵᠤ ᠵᠢᠷᠠᠭᠠᠮᠠᠷ ᠯᠠ ᠪᠠᠢ᠌ᠨ᠎ᠠ᠃ ᠭᠡᠷ ᠭᠡᠳᠡᠭ᠌ ᠶᠤᠰᠤᠳᠠᠢ ᠶᠠᠮᠠᠷ ᠭᠤᠶᠤ ᠭᠠᠵᠠᠷ ᠶᠤᠮ ᠪᠢᠯᠠ ︕》 ᠭᠡᠵᠤ ᠳᠤᠷ᠎ᠠ ᠲᠡᠶ ᠳᠤᠷ᠎ᠠ ᠦᠭᠡᠶ ᠪᠦᠰᠡᠭᠦᠢ ᠡᠴᠡ ᠪᠠᠨ ᠰᠠᠯᠵᠤ ᠡᠭᠦᠳᠡ ᠪᠠᠨ ᠭᠦᠩᠭᠡᠭᠡᠨ ᠬᠠᠭᠠᠭᠠᠭᠰᠠᠨ ᠶᠢᠡᠨ ᠭᠦᠨ ᠠᠮᠢᠰᠬᠤᠵᠤ ᠄ 《ᠪᠠᠷᠤᠭ ᠪᠠᠶᠠᠷᠯᠠᠭᠤᠯᠴᠢᠬᠠᠬᠤ ᠰᠢᠭ ᠪᠣᠯᠤᠯ᠎ᠠ᠂ ᠣᠷᠤᠢ ᠰᠢᠭ ᠬᠠᠷᠢᠬᠤ ᠳᠤ ᠠᠭᠤᠷᠯᠠᠬᠤ ᠦᠭᠡᠶ ᠪᠠᠢ᠌ᠬ᠎ᠠ》 ᠭᠡᠵᠤ ᠲᠦᠳᠦᠨᠡᠨ ᠬᠤᠷᠳᠤᠨ ᠬᠤᠷᠳᠤᠨ ᠠᠯᠬᠤᠯᠠᠭᠰᠠᠭᠠᠷ ᠬᠤᠯᠠᠳᠠᠯ᠎ᠠ᠃
ᠪᠦᠰᠡᠭᠦᠢ ᠨᠢ ᠳᠠᠭᠤᠤ ᠠᠶᠠᠯᠠᠭᠤᠯᠤᠭᠰᠠᠭᠠᠷ 《ᠦᠪᠡᠷ ᠤᠨ ᠳᠤᠷᠠᠯᠠᠭᠰᠠᠨ ᠭᠦᠮᠤᠨ ᠲᠡᠶ ᠪᠠᠨ ᠪᠢᠰᠢ᠂ ᠬᠠᠷᠢᠨ ᠦᠪᠡᠷ ᠳᠤᠨᠢ ᠳᠤᠷᠠᠳᠠᠢ ᠨᠢᠭᠡᠨ ᠲᠡᠶ ᠬᠤᠷᠢᠮᠯᠠᠯᠠ ᠭᠡᠳᠡᠭ᠌ ᠶᠠᠮᠠᠷ ᠮᠡᠷᠭᠡᠨ ᠵᠦᠪᠯᠠᠮᠵᠢ ᠪᠣᠢ》 ᠭᠡᠵᠤ ᠬᠤᠪᠢ ᠵᠠᠶᠠᠭᠠᠨ ᠳᠠᠭᠠᠨ ᠪᠠᠬᠠᠷᠬᠠᠭᠰᠠᠭᠠᠷ ᠬᠤᠭᠤᠯᠠᠨ ᠭᠡᠷ ᠲᠡᠭᠡᠨ ᠣᠷᠤᠯ᠎ᠠ᠃
ᠬᠠᠮᠤᠭ ᠤᠨ ᠰᠠᠢ᠌ᠨ ᠨᠢ
ᠴᠠᠭ᠄ 2009 ᠣᠨ
ᠭᠠᠵᠠᠷ᠄ ᠨᠠᠢ᠌ᠰᠯᠠᠯ ᠪᠠᠭᠡᠵᠢᠩ ᠳ᠋ᠤ
ᠭᠤᠤᠯ ᠳᠦᠷᠢ᠄
ᠪᠠᠳᠤ ᠊᠊᠊᠊᠊᠊᠊᠊᠊᠊᠊᠊᠊᠊᠊ ᠰᠢᠯᠢᠳᠡᠭ᠌ ᠨᠠᠮ ᠤᠨ ᠭᠡᠰᠢᠭᠦᠨ᠂
ᠳᠤᠶᠠᠭ᠎ᠠ ᠊᠊᠊᠊᠊᠊᠊᠊᠊᠊᠊᠊᠊᠊᠊ ᠳᠤᠷᠤ ᠶᠢᠨ ᠱᠠᠩᠨᠠᠯᠳᠤ ᠬᠠᠤᠯᠢᠴᠢ
ᠪᠠᠳᠤ ᠄ 《ᠴᠢ ᠳᠠᠷᠠ ᠦᠶ᠎ᠡ ᠳᠤ ᠶᠠᠭᠠᠭᠢᠭᠠᠤᠨ ᠨᠠᠮᠢ᠋ᠢ ᠰᠤᠩᠭ᠋ᠤᠭᠰᠠᠨ ᠭᠡᠳᠡᠭ᠌ ᠢ ᠪᠢ ᠣᠳᠤ ᠪᠣᠯᠳᠠᠯ᠎ᠠ ᠶᠡᠭᠡ ᠭᠠᠢ᠌ᠬᠠᠳᠠᠭ ᠶᠤᠮ ︕ ᠳᠤᠷᠵᠢ ᠨᠠᠳᠠ ᠡᠴᠡ ᠳᠡᠭᠡᠷ᠎ᠡ ᠦᠭᠡᠶ ᠦᠦ ︖》 ᠭᠡᠪᠠᠯ᠂
ᠳᠤᠶᠠᠭ᠎ᠠ ᠪᠠᠳᠤ ᠶᠢ ᠬᠠᠷᠠᠵᠤ ᠠᠪᠣᠭᠰᠠᠨ ᠶᠢᠡᠨ ᠄ 《ᠳᠠᠷᠠ ᠭᠡᠳᠦᠷᠭᠡᠢ ᠣᠬᠠᠭᠠᠨ ᠲᠡᠶ ᠪᠣᠯᠴᠢᠬᠠᠵᠠᠢ》 ᠭᠡᠯᠡ᠃
ᠪᠠᠳᠤ ᠄ 《ᠳᠠᠯᠠᠢ ᠪᠠᠰᠠ ᠴᠢᠮᠠᠳᠤ ᠰᠦᠷᠡᠭᠡᠢ ᠳᠤᠷ᠎ᠠ ᠲᠡᠶ ᠪᠠᠢ᠌ᠭᠰᠠᠨ ᠰᠢᠳᠠ ︖》 ᠭᠡᠵᠤ ᠵᠠᠯᠢᠳᠠᠢ ᠬᠠᠷᠠᠪᠠᠯ᠂
ᠳᠤᠶᠠᠭ᠎ᠠ ᠭᠦᠩᠭᠡᠨ ᠰᠠᠨᠠᠭ᠎ᠠ ᠠᠯᠳᠠᠵᠤ᠄ 《ᠳᠠᠷᠠ ᠦᠦ ︖ ᠡᠵᠢ ᠳᠡᠭᠡᠨ ᠳᠡᠩᠳᠡᠭᠦᠤ ᠬᠠᠢ᠌ᠷᠠᠳᠠᠢ ᠪᠣᠯᠴᠢᠬᠠᠵᠢ ︕》 ᠭᠡᠨ᠎ᠡ᠃
ᠪᠠᠳᠤ᠄ 《ᠳᠡᠭᠡᠪᠠᠯ ᠳᠤᠷᠵᠢ ᠨᠢ ︖》 ᠭᠡᠭᠦ ᠪᠠᠷ
ᠳᠤᠶᠠᠭ᠎ᠠ ᠠᠮᠠ ᠪᠠᠨ ᠢᠷᠪᠠᠢ᠌ᠵᠤ ᠄ 《ᠳᠠᠷᠠ ᠨᠠᠢ᠌ᠵᠢ ᠨᠥᠭᠦᠤᠨ ᠤᠨ ᠭᠢᠨᠢ ᠣᠯᠠᠨ ᠭᠡᠵᠤ ︕ ᠳᠡᠭᠦᠨ ᠲᠡᠶ ᠰᠠᠭᠤᠬᠤ ᠶᠤᠮ ᠪᠣᠯ ᠴᠤ ᠮᠠᠠᠵᠢᠨ ᠳᠤᠭᠤᠭ᠎ᠠ ᠪᠡᠯᠡᠳᠭᠡᠭᠦ ᠭᠡᠷᠡᠭ᠍ᠳᠡᠢ ᠪᠣᠯᠬᠤ ᠪᠠᠢ᠌ᠭᠰᠠᠨ ︕》 ᠭᠡᠯᠡ᠃
ᠪᠠᠳᠤ ᠡᠷᠭᠡᠯᠵᠡᠵᠤ ᠠᠪᠣᠭᠰᠠᠨ ᠶᠢᠡᠨ ᠄ 《ᠪᠠᠭᠠᠳᠤᠷ ᠪᠠᠰᠠ ᠴᠢᠨᠤ ᠬᠣᠢ᠌ᠨ᠎ᠠ ᠡᠴᠡ ᠥᠭᠦᠮᠡᠷ ᠪᠠᠢ᠌ᠭᠰᠠᠨ ᠰᠢᠳᠠ ︖》 ᠭᠡᠪᠠᠯ᠂
ᠳᠤᠶᠠᠭ᠎ᠠ ᠳᠤᠯᠤᠭᠠᠢ ᠪᠠᠨ ᠭᠦᠴᠦᠳᠡᠢ ᠰᠠᠵᠢᠵᠤ ᠄ 《ᠳᠠᠷᠠ ᠦᠦ ︖ ᠦᠨᠡᠨ ᠶᠢᠡᠷ ᠶᠠᠪᠣᠪᠠᠯ ᠥᠭᠡᠷ ᠳᠡᠷᠭᠡ ᠪᠠᠷ ᠳᠠᠤᠯᠠᠢ ᠭᠦᠢᠴᠡᠨ᠎ᠡ ᠭᠡᠵᠤ ᠪᠠᠢ᠌ᠭᠠᠤᠨ ᠥᠯᠪᠠᠷᠡᠳᠡᠭ᠌ ᠨᠢᠭᠡ ᠨᠢ ︕》 ᠭᠡᠮᠡᠨ ᠳᠤᠷ᠎ᠠ ᠮᠠᠭᠤᠳᠠᠢ ᠬᠠᠷᠢᠭᠤᠯᠤᠯ᠎ᠠ᠃
ᠪᠠᠳᠤ ᠳᠤᠶᠠᠭ᠎ᠠ ᠶᠢ ᠰᠢᠷᠦᠭᠦᠨ ᠰᠢᠭ᠌ ᠬᠠᠷᠠᠵᠤ ᠄ 《ᠳᠡᠭᠡᠭᠡᠳ ᠪᠢ ︖》 ᠭᠡᠵᠤ ᠬᠠᠳᠠᠭᠤᠬᠠᠨ ᠠᠰᠠᠭᠤᠪᠠᠯ᠃
ᠳᠤᠶᠠᠭ᠎ᠠ ᠄ 《ᠴᠢ ᠬᠠᠮᠤᠭ ᠰᠠᠢ᠌ᠨ ᠨᠢ ᠰᠢᠤ ︕》 ᠭᠡᠵᠤ ᠡᠷᠭᠡᠯᠡᠨ ᠢᠨᠢᠶᠠᠵᠤ ᠡᠯᠢᠭᠡᠨ ᠳ᠋ᠤᠨᠢ ᠨᠠᠭᠠᠯᠳᠤᠯᠠ᠃
ᠭᠤᠮᠤᠳᠠᠯ
ᠴᠠᠭ᠄ 2009 ᠣᠨ
ᠭᠠᠵᠠᠷ᠄ ᠠᠮᠢ ᠠᠬᠤᠢ ᠶᠢᠨ ᠨᠡᠭᠦᠳᠡᠯ ᠢᠷᠭᠡᠳ ᠤᠨ ᠳᠤᠭᠤᠷᠢᠭ
ᠭᠤᠤᠯ ᠳᠦᠷᠢ᠄
ᠳᠤᠯᠮ᠎ᠠ ᠊᠊᠊᠊᠊᠊᠊᠊᠊᠊᠊᠊᠊᠊᠊ ᠪᠠᠷᠢ ᠶᠢᠨ ᠡᠵᠢ᠂ ᠳᠤᠯᠵᠢᠨ ᠤ ᠪᠠᠭ᠎ᠠ ᠶᠢᠨ ᠨᠠᠢ᠌ᠵᠠ
ᠳᠤᠯᠵᠢᠨ ᠊᠊᠊᠊᠊᠊᠊᠊᠊᠊᠊᠊᠊᠊᠊ ᠡᠷᠳᠡ ᠣᠷᠢᠳᠤ ᠶᠢᠨ ᠴᠠᠭ ᠲᠤ ᠵᠢᠱᠢᠶᠠᠴᠢ ᠮᠠᠯᠴᠢᠨ ᠪᠠᠢ᠌ᠭᠰᠠᠨ ᠭᠡᠨ᠎ᠡ᠃ ᠣᠳᠤ ᠳᠤᠯᠮ᠎ᠠ ᠶᠢᠨ ᠳᠡᠭᠡᠷ᠎ᠡ ᠠᠰᠠᠷ ᠲᠤ ᠰᠠᠭᠤᠵᠤ ᠪᠠᠢ᠌ᠨ᠎ᠠ᠃
ᠳᠤᠯᠮ᠎ᠠ ᠳᠤᠯᠵᠢᠨ ᠢ ᠡᠪ ᠥᠭᠡᠢ᠌ᠭᠡᠨ ᠬᠠᠷᠠᠵᠤ ᠄ 《ᠪᠠᠷᠢ ᠴᠢᠨᠢ ᠴᠢᠮᠠᠳᠤ ᠶᠡᠭᠡ ᠭᠤᠮᠤᠳᠠᠯ ᠲᠡᠶ ᠪᠠᠢ᠌ᠭᠰᠠᠨ ︕ ᠳᠠᠨ ᠢ ᠪᠣᠳᠠᠭ᠎ᠠ ᠠᠶᠠᠭᠠᠯᠠᠬᠤ ᠳᠠᠭᠠᠨ ᠭᠦᠷᠳᠡᠯ᠎ᠡ ᠬᠤᠯᠢᠶ᠎ᠠ (ᠠᠮᠳᠠᠯᠠᠬᠤ ᠪᠠᠷ ᠭᠢᠭ᠍ᠰᠡᠨ ᠮᠢᠬ᠎ᠠ) ᠶ᠋ᠢ ᠨᠢ ᠪᠦᠷ ᠭᠦᠤ ᠶᠢᠨ ᠶᠢᠡᠨ ᠠᠶᠠᠭᠠᠨ ᠳᠤ ᠳᠡᠭᠦᠴᠢᠭᠡᠳᠡᠭ᠌ ᠭᠡᠨ᠎ᠡ ᠦᠦ ︖》 ᠭᠡᠪᠠᠯ᠃
ᠳᠤᠯᠵᠢᠨ᠄ 《ᠨᠢᠭᠦᠯ ᠡ᠂ ᠨᠢᠭᠦᠯ ︕ ᠬᠠᠳᠠᠮ ᠡᠵᠢ ᠪᠠᠷ ᠶᠢᠡᠨ ᠪᠣᠳᠠᠭ᠎ᠠ ᠪᠠᠨ ᠠᠶᠠᠭᠠᠯᠠᠭᠤᠯᠳᠠᠭ ᠪᠠᠨ ᠶᠠᠭᠠᠭᠢᠭᠠᠤᠨ ᠭᠦᠮᠤᠨ ᠠᠮᠢᠳᠠᠨ ᠳᠤ ᠭᠡᠯᠡᠴᠢᠭᠡᠳᠡᠭ᠌ ᠶᠤᠮ ᠪᠢᠯᠠ᠃ ᠦᠪᠡᠷ ᠶᠢᠡᠨ ᠠᠶᠠᠭᠠᠯᠠᠭᠠᠤᠨ ᠠᠪᠣᠪᠠᠯ ᠠᠯᠢ ᠳᠤᠷ᠎ᠠ ᠲᠡᠶ ᠳᠡᠭᠦᠭᠡᠳ ᠢᠳᠡᠴᠢᠭᠡᠭᠦ ᠪᠢᠰᠢᠤ ︖》 ᠭᠡᠵᠤ ᠳᠤᠷ᠎ᠠ ᠮᠠᠭᠤᠳᠠᠢ ᠭᠡᠯᠡᠯ᠎ᠡ᠃
ᠮᠤᠩᠭ᠋ᠤᠯ ᠭᠦᠮᠤᠨ ᠤ ᠣᠩᠭ᠋ᠤᠨ
ᠴᠠᠭ᠄ 2008 ᠣᠨ
ᠭᠠᠵᠠᠷ᠄ ᠠᠮᠢ ᠠᠬᠤᠢ ᠶᠢᠨ ᠨᠡᠭᠦᠳᠡᠯ ᠢᠷᠭᠡᠳ ᠤᠨ ᠳᠤᠭᠤᠷᠢᠭ ᠤᠨ ᠪᠠᠷᠢᠯᠭ᠎ᠠ ᠶᠢᠨ ᠭᠠᠵᠠᠷ
ᠭᠤᠤᠯ ᠳᠦᠷᠢ᠄
ᠬᠤᠰᠢᠭᠤ ᠳᠠᠷᠤᠭ᠎ᠠ ᠊᠊᠊᠊᠊᠊᠊᠊᠊᠊᠊᠊᠊᠊᠊ ᠠᠷᠠᠤᠨ ᠲᠦᠮᠡᠨ ᠳᠤ ᠬᠠᠢ᠌ᠷᠠᠳᠠᠢ ᠭᠦᠮᠤᠨ᠂
ᠡᠵᠢ ᠊᠊᠊᠊᠊᠊᠊᠊᠊᠊᠊᠊᠊᠊᠊ 80 ᠨᠠᠰᠤᠳᠠᠢ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠠᠷᠠᠤᠨ
ᠡᠵᠢ ᠬᠤᠰᠢᠭᠤ ᠳᠠᠷᠤᠭ᠎ᠠ ᠶᠢ ᠡᠩᠭᠦᠷᠡᠢ᠌ᠭᠡᠨ ᠬᠠᠷᠠᠵᠤ᠄ 《ᠭᠦᠶᠢ ᠭᠦᠤ ︕ ᠡᠨᠡ ᠶᠠᠭᠤ ᠪᠠᠷᠢᠵᠤ ᠪᠠᠢ᠌ᠬᠤ ᠶᠤᠮ ᠪᠣᠢ ︖》
ᠬᠤᠰᠢᠭᠤ ᠳᠠᠷᠤᠭ᠎ᠠ᠄ 《ᠮᠤᠩᠭ᠋ᠤᠯ ᠭᠦᠮᠤᠨ ᠳᠤ ᠭᠡᠷ ᠪᠠᠷᠢᠵᠤ ᠪᠠᠢ᠌ᠨ᠎ᠠ》
ᠡᠵᠢ᠄ 《ᠡᠨ ︕ ᠶᠠᠮᠠᠷ ᠮᠤᠩᠭ᠋ᠤᠯ ᠢ ᠰᠠᠭᠤᠯᠭᠠᠬᠤ ᠶᠤᠮ ᠪᠣᠯᠪᠠᠤ ︖》
ᠬᠤᠰᠢᠭᠤ ᠳᠠᠷᠤᠭ᠎ᠠ᠄ 《ᠮᠠᠨ ᠤ ᠬᠤᠰᠢᠭᠤᠨ ᠤ ᠭᠡᠳᠤᠨ ᠲᠦᠮᠡᠨ ᠮᠤᠩᠭ᠋ᠤᠯᠴᠤᠳ ᠢ ᠪᠦᠭᠦᠳᠡ ᠶᠢ ᠰᠠᠭᠤᠯᠭᠠᠨ᠎ᠠ》
ᠡᠵᠢ᠄ 《ᠡᠨ ︕ ᠳᠠᠢ᠌ᠮᠤ ᠠᠷᠪᠢᠨ ᠭᠦᠮᠤᠨ ᠢ ᠨᠢᠭᠡ ᠭᠡᠷ ᠲᠤ ︖》
ᠬᠤᠰᠢᠭᠤ ᠳᠠᠷᠤᠭ᠎ᠠ᠄ 《ᠳᠠᠢ᠌ᠮᠤ ᠡ ︕ ᠡᠨᠡ ᠴᠢᠨᠢ ᠳᠤᠮᠤ ᠠᠰᠠᠷ ᠰᠢᠳᠠ ︕》
ᠡᠵᠢ᠄ 《ᠡᠨ ︕ ᠮᠠᠳᠠᠯ᠎ᠠ ᠭᠦᠭᠡᠷᠦᠭᠦᠢ ︕ ᠳᠠᠨᠠᠷ ᠮᠤᠩᠭ᠋ᠤᠯᠴᠤᠳ ᠲᠤ ᠣᠩᠭ᠋ᠤᠨ ᠪᠠᠷᠢᠵᠤ ᠪᠠᠢ᠌ᠭ᠎ᠠ ᠶᠤᠮ ᠪᠠᠢ᠌ᠨ᠎ᠠ ᠰᠢᠳᠠ᠂ ᠨᠠᠮ ᠤᠨ ᠠᠴᠢ ᠡ ︕ ᠨᠠᠮ ᠤᠨ ᠠᠴᠢ ︕》
ᠬᠤᠰᠢᠭᠤ ᠳᠠᠷᠤᠭ᠎ᠠ᠄ 《 ᠦᠭᠡᠶ᠂ ᠡᠵᠢ ᠮᠤᠩᠭ᠋ᠤᠯᠴᠤᠳ ᠲᠤ ᠰᠠᠢ᠌ᠬᠠᠨ ᠠᠮᠢᠳᠤᠷᠠᠬᠤ ᠳ᠋ᠸᠪᠠᠵᠠᠨ ᠪᠠᠢ᠌ᠭᠤᠯᠵᠤ ᠪᠠᠢ᠌ᠭ᠎ᠠ ᠰᠢᠳᠠ ︕》
ᠡᠵᠢ᠄ 《ᠳᠠᠢ᠌ᠮᠤ ᠡ ︕ ᠳᠠᠢ᠌ᠮᠤ ︕ ᠭᠦᠤ ᠮᠢᠨᠢ ︕ ᠪᠣᠶᠠᠨ ᠲᠡᠶ ᠭᠦᠮᠦᠰ ᠥᠭᠦᠭ᠍ᠰᠡᠨ ᠬᠣᠢ᠌ᠨ᠎ᠠ ᠪᠠᠨ ᠳ᠋ᠠᠪᠠᠵᠠᠨ ᠳᠤ ᠣᠴᠢᠳᠠᠭ ᠶᠤᠮ ᠡ ︕ ᠭᠦᠭᠡᠷᠦᠭᠦᠢ ︕》
ᠭᠡᠨ ᠮᠠᠳᠠᠨ᠎ᠡ
ᠴᠠᠭ᠄ 2008 ᠣᠨ
ᠭᠠᠵᠠᠷ᠄ ᠣᠯᠠᠭᠠᠠᠳᠤᠭ ᠰᠤᠮᠤᠨ ᠳ᠋ᠤ
ᠭᠤᠤᠯ ᠳᠦᠷᠢ᠄
ᠬᠤᠪᠢᠰᠬᠠᠯᠳᠤ ᠊᠊᠊᠊᠊᠊᠊᠊᠊᠊᠊᠊᠊᠊᠊ 70 ᠨᠠᠰᠤᠳᠠᠢ᠂ ᠰᠤᠶᠤᠯ ᠤᠨ ᠬᠤᠪᠢᠰᠬᠠᠯ ᠤᠨ ᠳᠤᠮᠳᠠ ᠭᠦᠮᠤᠨ ᠵᠤᠳᠤᠭᠰᠠᠨ ᠣᠯᠠᠭᠠᠨ ᠭᠦᠮᠤᠨ
ᠣᠯᠠᠭᠠᠠᠵᠠᠮ ᠊᠊᠊᠊᠊᠊᠊᠊᠊᠊᠊᠊᠊᠊᠊ 73 ᠲᠡᠶ᠂ ᠰᠤᠶᠤᠯ ᠤᠨ ᠬᠤᠪᠢᠰᠬᠠᠯ ᠤᠨ ᠳᠤᠮᠳᠠ ᠭᠦᠮᠤᠨ ᠵᠤᠳᠤᠭᠰᠠᠨ ᠣᠯᠠᠭᠠᠨ ᠭᠦᠮᠤᠨ
ᠬᠤᠪᠢᠰᠬᠠᠯᠳᠤ ᠨᠠᠰᠤᠳᠠᠨ ᠭᠠᠮᠰᠢᠭᠳᠠᠭᠰᠠᠨ ᠣᠷᠤᠨ ᠳᠤ ᠳᠤᠰᠠᠯᠠᠬᠤ ᠭᠡᠵᠤ ᠭᠡᠳᠤᠨ ᠮᠦᠩᠭᠦ ᠪᠠᠨ ᠳᠡᠮᠳᠡᠷᠢᠭᠡᠳ ᠰᠤᠮᠤᠨ ᠤ ᠲᠦᠪ ᠣᠷᠤᠭᠤ ᠶᠠᠪᠣᠵᠤ ᠪᠠᠢ᠌ᠳᠠᠯ᠎ᠠ ᠡᠮᠤᠨ᠎ᠡ ᠡᠴᠡ ᠣᠯᠠᠭᠠᠠᠵᠠᠮ ᠭᠦᠭ᠍ᠰᠢᠨ ᠳᠠᠶᠠᠭ ᠶᠢᠡᠨ ᠴᠢᠷᠦᠭᠡᠳ ᠭᠦᠶᠦᠮᠡᠷ ᠪᠣᠯᠤᠭᠰᠠᠨ ᠶᠠᠭᠤᠮ᠎ᠠ ᠭᠠᠷᠬᠤ ᠢᠷᠠᠪᠠ᠃
ᠬᠤᠪᠢᠰᠬᠠᠯᠳᠤ ᠠᠮᠠᠳᠠᠵᠤ ᠣᠴᠢᠭᠠᠤᠨ᠄ 《ᠶᠠᠮᠠᠷ ᠰᠠᠢ᠌ᠬᠠᠨ ᠭᠦᠩᠭᠡᠨ ᠪᠠᠶ᠎ᠠ ᠲᠡᠶ᠂ ᠬᠤᠷᠳᠤᠨ ᠭᠦᠯ ᠲᠡᠶ ᠵᠠᠯᠠᠭᠤ ᠶᠤᠮ ᠪᠣᠢ ︖ ᠨᠢᠰᠴᠢᠭᠡᠭᠦ ᠡᠴᠡ ᠪᠠᠨ ᠠᠶᠤᠭᠠᠤᠨ ᠮᠤᠳᠤ ᠴᠢᠷᠴᠤ ᠪᠠᠢ᠌ᠭ᠎ᠠ ᠶᠤᠮ ᠪᠣᠯᠪᠠᠤ ︖》
ᠣᠯᠠᠭᠠᠠᠵᠠᠮ᠄ 《ᠵᠡᠭᠦᠨ ᠠᠢ᠌ᠯ ᠤᠨ ᠨᠠᠰᠤᠳᠤ ᠪᠠᠶ᠎ᠠ ᠨᠢ ᠮᠠᠭᠤᠳᠠᠭᠠᠤᠨ ᠭᠡᠪᠳᠡᠴᠢᠭᠡᠯᠡ ᠭᠡᠨ᠎ᠡ᠂ ᠭᠦᠤ ᠨᠢ ᠬᠠᠰᠢᠶᠠᠯᠠᠵᠤ ᠪᠠᠢ᠌ᠬᠤ ᠮᠠᠯ ᠶᠢᠡᠨ ᠭᠠᠷᠭᠠᠭᠠᠤᠨ ᠪᠠᠷᠢᠭᠳᠠᠴᠢᠬᠠᠭᠰᠠᠨ ᠡᠵᠡᠭᠦᠢ ᠪᠠᠢ᠌ᠭ᠎ᠠ ︕ ᠶᠠᠳᠠᠵᠤ ᠣᠰᠤ ᠲᠦᠯᠡᠭᠡ ᠶᠢ ᠨᠢ ᠤᠢ᠌ᠷᠠᠳᠤᠭᠤᠯᠵᠤ ᠦᠭᠭᠦ ᠶᠤᠮ ᠪᠠᠢ᠌ᠵᠠ ︕》
ᠬᠤᠪᠢᠰᠬᠠᠯᠳᠤ᠄ 《ᠵᠦᠪ ᠡ ︕ ᠵᠦᠪ ︕ ᠦᠭᠡᠶ ᠶᠠᠷᠤ ᠨᠢ ᠨᠢᠭᠡ ᠣᠴᠢᠷ ᠮᠢᠨᠤ ᠰᠠᠨᠠᠭᠠᠨ ᠡᠴᠡ ᠭᠠᠷᠬᠤ ᠦᠭᠡᠶ ᠪᠠᠢ᠌ᠭᠠᠤᠨ ᠪᠠᠢ᠌ᠬᠤ ᠶᠤᠮ ︕ ᠰᠤᠶᠤᠯ ᠤᠨ ᠬᠤᠪᠢᠰᠬᠠᠯ ᠤᠨ ᠦᠶ᠎ᠡ ᠳᠤ ᠬᠤᠶᠠᠭᠤᠯᠠ ᠶᠠᠭᠠᠭᠢᠭᠠᠤᠨ ᠭᠦᠮᠤᠨ ᠵᠤᠳᠤᠭᠰᠠᠨ ᠶᠤᠮ ᠪᠣᠯᠪᠠᠤ ︖》
ᠣᠯᠠᠭᠠᠠᠵᠠᠮ ᠭᠠᠢ᠌ᠬᠠᠭᠰᠠᠨ ᠪᠠᠢ᠌ᠳᠠᠯ ᠲᠡᠶ ᠮᠠᠯᠠᠷᠠᠵᠤ ᠠᠪᠣᠭᠰᠠᠨ ᠶᠢᠡᠨ᠄ 《ᠳᠠᠷᠠ ᠦᠶ᠎ᠡ ᠳᠤ ᠬᠤᠶᠠᠭᠤᠯᠠ ᠮᠠᠭᠤ ᠭᠦᠮᠤᠨ ᠪᠠᠢ᠌ᠭᠰᠠᠨ ᠶᠤᠮ ᠪᠣᠯᠪᠠᠤ ︖ ᠡᠰᠡᠭᠦᠯ᠎ᠡ ᠴᠢᠳᠭᠦᠷ ᠣᠷᠤᠰᠢᠴᠢᠬᠠᠭᠰᠠᠨ ᠶᠤᠮ ᠪᠠᠢ᠌ᠵᠠ ︕ ᠭᠡᠨ ᠮᠠᠳᠠᠯ᠎ᠠ ︖》
ᠵᠤᠬᠢᠶᠠᠭᠴᠢ ᠶᠢᠨ ᠬᠠᠶᠢᠭ ᠄ ᠬᠦᠬᠡᠬᠤᠲᠠ
ᠵᠤᠬᠢᠶᠠᠭᠴᠢ᠄ ᠳᠦᠪᠰᠢᠠᠵᠠᠶᠠᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9249
ᠴᠠᠭ᠄ 2011 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ