☆ ᠪᠣᠷᠵᠢᠭᠢᠨ·ᠪᠦᠷᠢᠨᠲᠤᠩᠭᠠᠯᠠᠭ
ᠮᠠᠯᠴᠢᠨ
ᠬᠠᠭᠳᠠ ᠨᠢᠳᠦᠯᠡᠭᠦ ᠳᠤ ᠬᠠᠪᠣᠷᠵᠢᠶ᠎ᠠ
ᠬᠠᠯᠠᠭᠤᠨ ᠡᠴᠠ ᠵᠠᠢ᠌ᠯᠠᠭᠰᠠᠨ ᠵᠤᠰᠠᠭᠠᠯ
ᠬᠠᠯᠭᠢᠮ᠎ᠠ ᠳᠠᠷᠭᠤᠨ ᠨᠠᠮᠤᠷᠵᠢᠶ᠎ᠠ
ᠬᠠᠪᠰᠤᠷᠭ᠎ᠠ ᠳᠠᠪᠬᠤᠴᠠᠭᠰᠠᠨ ᠡᠪᠦᠯᠵᠢᠶ᠎ᠡ ᠁
ᠬᠠᠯᠠᠭᠤᠨ ᠨᠠᠷᠠᠨ ᠤ ᠰᠢᠷᠠᠯᠳᠠ
ᠬᠠᠷ᠎ᠠ ᠰᠢᠭᠤᠷᠭ᠎ᠠ ᠶᠢᠨ ᠭᠤᠶᠠᠳᠠᠯᠳᠠ
ᠬᠠᠳᠠᠭᠤ ᠮᠦᠨᠳᠤᠷ ᠤᠨ ᠴᠤᠭᠢᠯᠳᠠ
ᠬᠠᠭᠢᠷ ᠭᠦᠢᠳᠡᠨ ᠤ ᠢᠰᠭᠢᠷᠤᠯᠳᠠ
ᠣᠯᠠᠨ ᠵᠠᠭᠤᠨ ᠶᠢᠡᠷ ᠦᠷᠭᠦᠯᠵᠢᠯᠡᠭ᠍ᠰᠡᠨ ᠵᠤᠷᠰᠢᠯ
ᠣᠨ ᠪᠦᠷᠢ ᠳᠠᠪᠳᠠᠭᠳᠠᠬᠤ ᠨᠤᠷᠰᠤᠯ
ᠮᠠᠯᠴᠢᠨ ᠭᠦᠮᠤᠨ ᠤ ᠭᠦᠨ ᠣᠬᠠᠭᠠᠨ︕
ᠮᠠᠯᠵᠢᠬᠤ ᠰᠤᠶᠤᠯ ᠤᠨ ᠨᠡᠪᠳᠡᠷᠭᠡᠢ ᠯᠤᠭᠢᠭ︕
ᠣᠳᠤ ᠳᠤᠭᠠᠯᠠᠵᠤ ᠵᠢᠩᠳᠠᠵᠤ ᠬᠤᠨᠤᠳᠤᠭ
ᠨᠠᠮᠤᠷ ᠤᠨ ᠮᠠᠨᠠᠭᠠᠨ ᠤ ᠰᠦᠨᠢ ᠤᠳ᠁
ᠠᠷᠤᠭ ᠡᠭᠦᠷᠴᠤ ᠶᠠᠳᠠᠷᠠᠵᠤ ᠳᠤᠭᠤᠯᠳᠠᠭ
ᠬᠠᠪᠣᠷ ᠤᠨ ᠲᠦᠯ ᠤᠨ ᠡᠳᠦᠷ ᠤᠳ᠁
ᠵᠠᠯ᠎ᠠ ᠳᠤ ᠬᠠᠩᠭᠢᠨᠠᠬᠤ ᠳᠣᠢ᠌ᠭ ᠭᠦᠦᠷᠭᠡᠢ᠂
ᠳᠠᠯ᠎ᠠ ᠳᠤ ᠴᠤᠤᠷᠢᠶᠠᠳᠤᠳᠠᠭ ᠳᠠᠭᠤᠤ ᠢᠰᠭᠢᠷᠤᠯ᠂
ᠳᠤᠯᠭ᠎ᠠ ᠶᠢᠨ ᠳᠤᠭᠤᠷᠢᠨ ᠳᠤ ᠡᠪᠦᠭᠡᠳ ᠤᠨ ᠵᠤᠭᠤᠭ᠂
ᠪᠣᠯᠠᠭ ᠤᠨ ᠳᠡᠷᠭᠡᠳᠡ ᠵᠠᠯᠠᠭᠤᠰ ᠤᠨ ᠨᠠᠷᠭᠢᠶ᠎ᠠ᠃
ᠳᠠᠭᠠᠳᠠᠢ ᠰᠤᠨᠤᠷᠳᠠᠬᠤ ᠲᠦᠯ ᠤᠨ ᠨᠠᠢ᠌ᠷᠠᠯ
ᠳᠠᠪᠤᠨ ᠬᠤᠰᠢᠭᠤᠳᠤ ᠶᠢᠨ ᠬᠠᠯᠠᠭᠤᠨ ᠳᠤᠭᠤᠰᠤ ᠁
ᠳᠠᠪᠣᠷ᠎ᠠ ᠳᠤ ᠳᠠᠷᠭᠢᠯᠤᠭᠰᠠᠨ ᠰᠦ᠋ ᠲᠡᠶ ᠴᠠᠢ
ᠳᠠᠪᠠᠭ ᠲᠤ ᠦᠷᠦᠭ᠍ᠳᠡᠭ᠍ᠰᠡᠨ ᠢᠷᠭᠡ ᠶᠢᠨ ᠰᠢᠭᠦᠰᠤ
ᠨᠠᠷᠠᠨ ᠳᠤ ᠭᠤᠷᠰᠢᠭ᠍ᠰᠡᠨ ᠭᠦᠷᠦᠰᠦᠯᠢᠭ᠌ ᠴᠢᠷᠠᠢ
ᠰᠢᠭᠤᠷᠭᠠᠨ ᠳᠤ ᠳᠠᠪᠳᠠᠭᠤᠯᠤᠭᠰᠠᠨ ᠭᠦᠳᠡᠷᠯᠢᠭ᠌ ᠮᠠᠬᠠᠪᠣᠤᠨ
ᠰᠦᠨ ᠴᠠᠭᠠᠨ ᠠᠷᠢᠭᠤᠨ ᠰᠠᠨᠠᠭ᠎ᠠ
ᠰᠦᠷᠦᠭ᠌ ᠵᠤᠵᠠᠭᠠᠨ ᠪᠣᠶᠠᠠᠰᠠᠭ ᠵᠠᠶᠠᠭ᠎ᠠ︕
ᠮᠥᠩᠭᠡ ᠣᠷᠴᠢᠯᠠᠩ ᠤᠨ ᠪᠠᠶᠠᠨ ᠳᠤᠤᠯᠢ ᠊᠊᠊᠊᠊᠊᠊᠊᠊᠊᠊᠊᠊᠊᠊
ᠡᠩ ᠳᠡᠯᠡᠭᠡᠢ ᠶᠢᠨ ᠮᠤᠩᠭ᠋ᠤᠯ ᠭᠦᠮᠤᠨ︕
ᠮᠤᠷᠢᠨ ᠬᠤᠭᠤᠷ ᠤᠨ ᠣᠶᠠᠨ ᠡᠭᠡᠰᠢᠭ᠌ ᠊᠊᠊᠊᠊᠊᠊᠊᠊᠊᠊᠊᠊᠊᠊
ᠡᠩᠭᠡ ᠨᠤᠳᠤᠭ ᠤᠨ ᠮᠠᠯᠴᠢᠨ ᠭᠦᠮᠤᠨ ᠡ︕
ᠵᠤᠬᠢᠶᠠᠭᠴᠢ ᠶᠢᠨ ᠬᠠᠶᠢᠭ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ