ᠨᠡᠪᠲᠡᠷᠡᠨ ᠤᠷᠤᠬᠤ
ᠠᠶᠠᠭᠠᠨ ᠬᠤᠸᠠᠷ

ᠡᠨᠡ ᠵᠤᠨ ᠮᠠᠨ ᠤ ᠨᠤᠳᠤᠭ ᠬᠤᠪᠣᠷ ᠲᠤᠬᠢᠶᠠᠯᠳᠤᠬᠤ ᠭᠠᠩ ᠬᠠᠬᠰᠡᠷᠭᠠᠨᠳᠤ ᠵᠢᠯ ᠪᠣᠯᠵᠠᠢ᠃ ᠵᠤᠨ ᠤ ᠳᠣᠢ᠌ᠯ ᠦᠩᠭᠡᠷᠡᠭᠰᠡᠨ ᠬᠤᠢ᠌ᠨ᠎ᠡ᠂ ᠤᠷᠭᠤᠮᠡᠯ ᠬᠤᠴᠢᠯᠭ᠎ᠡ ᠰᠡ‍ᠶ‍ᠢᠬᠢ ᠡᠭᠢᠯᠡᠨ ᠰᠤᠶᠤᠭᠠᠯᠠᠵᠤ ᠨᠤᠭᠤᠭᠠᠷᠡᠬᠰᠡᠨ ᠪᠠᠢ᠌ᠨ᠎ᠠ᠃

ᠭᠡᠶ᠎ᠡ᠂ ᠬᠠᠰᠢᠶᠠᠨ ᠳᠤ ᠳᠠᠷᠢᠭᠰᠠᠨ ᠢᠳᠠᠰᠢᠨ ᠨᠤᠭᠤᠭᠠᠨ ᠤ ᠬᠠᠪᠢ ᠳᠠᠯᠠᠩ ᠵᠢᠡᠷ ᠠᠶᠠᠭᠠᠨ ᠬᠤᠸᠠᠷ ᠭᠠᠵᠠᠷ ᠰᠠᠢ ᠦᠭᠡᠶ ᠳᠡᠯᠭᠡᠷᠡᠵᠤ᠂ ᠥᠭ᠍ᠳᠡᠭᠡᠭᠡᠤᠨ ᠬᠠᠶᠠᠴᠢᠬᠠᠪᠠᠴᠤ᠂ ᠭᠡᠳᠤᠨ ᠡᠳᠦᠷ ᠪᠣᠯᠤᠯ ᠦᠭᠡᠶ ᠣᠷᠭᠤᠴᠢᠬᠠᠳᠠᠭ᠂ ᠠᠮᠢᠵᠢᠷᠡᠯ ᠤᠨ ᠬᠦᠴᠤᠨ ᠨᠢ ᠪᠢᠰᠢᠷᠡᠯᠳᠡᠢ ︕

ᠠᠶᠠᠭᠠᠨ ᠬᠤᠸᠠᠷ ᠊᠊᠊᠊᠊᠊᠊᠊᠊᠊᠊᠊᠊᠊᠊ ᠮᠢᠨᠤ ᠨᠢᠭᠡ ᠨᠠᠰᠤᠨ ᠤ ᠠᠮᠢᠳᠤᠷᠠᠯ ᠲᠡᠶ ᠬᠤᠪᠢ ᠪᠠᠷᠢᠯᠳᠤᠯᠭ᠎ᠠ ᠲᠡᠶ ᠭᠡᠵᠤ ᠭᠡᠯᠡᠵᠤ ᠪᠣᠯᠤᠮᠠᠷ ᠶᠤᠮ᠃

ᠬᠤᠷᠢᠳᠤᠭᠠᠷ ᠵᠠᠭᠤᠨ ᠤ ᠵᠢᠷᠠᠭᠠᠤᠨ ᠣᠨ ᠤ ᠭᠠᠴᠢᠭ ᠴᠠᠭ ᠮᠦᠴᠡ ᠳᠤ ᠲᠦᠷᠦᠵᠤ ᠥᠰᠦᠭ᠍ᠰᠡᠨ ᠪᠢ᠂ ᠣᠳᠤ ᠶᠢᠨ ᠭᠡᠦᠭᠡᠤᠨ ᠰᠢᠭ᠌ ᠴᠡᠴᠡᠷᠯᠢᠭ᠌ ᠲᠤ ᠵᠤᠭᠠᠴᠠᠨ ᠨᠢᠳᠤ ᠨᠡᠭᠡᠭᠡᠭᠦ ᠲᠤᠬᠢᠶᠠᠯ ᠳᠠᠭᠠᠷᠠᠭᠰᠠᠨ ᠦᠭᠡᠶ᠂ ᠣᠳᠤᠭᠢᠴᠢᠯᠠᠭᠰᠠᠨ ᠳᠤᠭᠯᠠᠭᠠᠮ ᠵᠢᠡᠷ ᠪᠢᠯᠢᠭ᠌ ᠰᠤᠷᠢᠬᠤ ᠠᠵᠠ ᠪᠠᠢ᠌ᠭ᠎ᠠ ᠦᠭᠡᠶ᠂ ᠳᠸᠯᠸᠢᠰ ᠷᠠᠳᠢᠣ᠋ ᠪᠠᠷ ᠣᠶᠤᠨ ᠶᠢᠡᠨ ᠬᠤᠷᠴᠠᠯᠠᠬᠤ ᠵᠠᠪᠰᠢᠶᠠᠨ ᠴᠤ ᠲᠤᠬᠢᠶᠠᠯᠳᠤᠭ᠎ᠠ ᠦᠭᠡᠶ᠂ ᠮᠡᠳᠡᠭᠡ ᠣᠷᠤᠬᠤ ᠡᠴᠡ ᠡᠭᠡ ᠪᠠᠢ᠌ᠭᠠᠯᠢ  ᠵᠢᠨ ᠠᠯᠢᠪᠠ ᠭᠤᠸ᠎ᠠ ᠰᠠᠢ᠌ᠬᠠᠨ ᠤ ᠭᠦᠷᠳᠡᠭᠡᠯ ᠵᠢᠡᠷ ᠭᠦᠮᠤᠨ ᠪᠣᠯᠬᠤ ᠶᠢᠨ ᠳᠠᠷᠬᠠᠨ ᠭᠦᠰᠡᠯ ᠶᠢᠡᠨ ᠳᠡᠯᠪᠢᠬᠰᠡᠨ ᠪᠢᠯᠠ᠃

ᠬᠠᠪᠣᠷ ᠤᠨ ᠳᠤᠮᠳᠠᠴᠢ ᠪᠣᠯᠬᠤᠶ᠎ᠡ᠂ ᠮᠠᠨ ᠤ ᠨᠤᠳᠤᠭ ᠲᠤ ᠴᠠᠭᠢᠯᠳᠠᠭ ᠵᠢᠴᠢ ᠳᠠᠯᠠᠨ ᠳᠦᠷᠦᠭᠦᠤ ᠴᠡᠴᠡᠭ᠌ ᠥᠪᠴᠢ ᠳᠠᠯ᠎ᠠ ᠶᠢ ᠪᠦᠷᠭᠦᠵᠤ᠂ ᠬᠤᠷᠠᠭ᠎ᠠ ᠳᠤᠭᠤᠯ ᠬᠠᠷᠢᠭᠤᠯᠵᠤ ᠶᠠᠪᠣᠬᠤ ᠵᠡᠭᠤᠷ᠎ᠡ᠂ ᠴᠣᠢ᠌ᠳᠠᠩ ᠤᠨ ᠳᠤᠯᠤᠭᠠᠢ ᠰᠢᠭ ᠪᠠᠭᠰᠢᠷᠡᠬᠰᠠᠨ ᠠᠶᠡᠭᠠᠨ ᠴᠡᠴᠡᠭ᠌ ᠦᠶ᠎ᠡ ᠬᠤᠷᠡᠬᠴᠤᠳ ᠤᠨ ᠤᠷᠮ᠎ᠡ ᠵᠢ ᠰᠡᠷᠬᠦᠬᠡᠵᠤ᠂ ᠪᠡᠬ᠎ᠡ ᠵᠢ ᠡᠷᠬᠡ ᠥᠬᠡᠢ ᠳᠡᠳᠡᠨ᠎ᠡ᠃

ᠵᠤᠨ ᠤ ᠡᠭᠢᠨ ᠰᠠᠷ᠎ᠠ ᠪᠣᠯᠬᠤᠶ᠎ᠡ᠂ ᠠᠶᠠᠭᠠᠨ ᠬᠤᠸᠠᠷ ᠵᠢᠴᠢ ᠴᠠᠭᠠᠨ ᠥᠩᠭᠡ ᠲᠡᠶ ᠱᠠᠭᠠᠵᠠᠩ ᠬᠤᠸᠠᠷ ᠭᠡᠷᠡᠮ ᠤᠨ ᠤᠬ᠂ ᠵᠠᠮ ᠤᠨ ᠬᠠᠵᠠᠭᠤ ᠪᠡᠷ ᠵᠠᠬ᠎ᠠ ᠳᠠᠷᠠᠭᠠᠯᠠᠨ ᠳᠡᠯᠭᠡᠷᠡᠵᠤ᠂ ᠬᠠᠶᠠ ᠬᠤᠸᠠᠷ ᠡᠴᠡ ᠨᠢ ᠳᠠᠰᠤᠳᠡᠨ ᠠᠪᠴᠤ᠂ ᠭᠡᠵᠢᠭᠡᠨ ᠳᠡᠭᠡᠨ ᠵᠡᠭᠦᠵᠤ ᠡᠵᠢ ᠳᠡᠭᠡᠨ ᠭᠠᠢ᠌ᠬᠠᠭᠤᠯᠵᠤ ᠪᠠᠢ᠌ᠭᠰᠠᠨ ; ᠴᠠᠭᠢᠯᠳᠠᠭ ᠶᠢᠡᠷ 《ᠮᠤᠷᠢᠨ ᠳᠠᠰᠢᠭᠤᠷ》᠂《ᠤᠯᠦᠡᠭ᠌》᠂《ᠵᠢᠷᠢᠮ》 ᠭᠦᠷᠦᠵᠤ ᠪᠠᠬᠠᠷᠬᠠᠨ ᠳᠤᠭᠯᠠᠳᠠᠭ ᠴᠤ ᠪᠠᠢ᠌ᠭᠰᠡᠨ ᠁

ᠨᠠᠮᠤᠷ ᠪᠣᠯᠬᠤᠶ᠎ᠡ᠂ ᠴᠡᠩᠭᠡᠷ ᠦᠩᠭᠡ ᠲᠡᠶ ᠪᠠᠷᠢ ᠴᠡᠴᠡᠭ᠌᠂ ᠭᠠᠯ ᠣᠯᠠᠭᠠᠨ ᠰᠠᠷᠠᠯᠠᠩ ᠬᠤᠸᠠᠷ ᠵᠢᠴᠢ ᠳᠡᠳᠡᠭᠡᠷ ᠨᠠᠷ᠎ᠠ ᠵᠢ ᠨᠢ ᠦᠯᠦ ᠮᠡᠳᠡᠭᠦ ᠬᠤᠸᠡᠷ ᠴᠡᠴᠡᠭ᠌ ᠥᠩᠭᠡ ᠢᠯᠭᠠᠷᠡᠨ ᠳᠡᠯᠭᠡᠷᠡᠵᠤ᠂ ᠪᠠᠶᠠᠨ ᠨᠠᠮᠤᠷ ᠤᠨ ᠰᠢᠵᠢᠷ ᠣᠯᠠᠷᠢᠯ ᠤᠨ ᠥᠩᠭᠡ ᠪᠤᠳᠤᠬ ᠢ ᠤᠯᠡᠮ ᠵᠢᠡᠷ ᠥᠳᠬᠡᠷᠡᠬᠦᠯᠤᠨ᠎ᠡ᠃ ᠵᠢᠵᠢᠭ᠌ ᠴᠠᠭᠠᠨ ᠬᠤᠸᠠᠷ ᠢ ᠳᠠᠷᠠᠰᠤᠨ ᠳᠡᠭᠡᠷ᠎ᠡ ᠭᠡᠯᠭᠢᠵᠤ᠂ ᠳᠡᠭᠦᠤ ᠨᠡᠷ ᠲᠠᠭᠠᠨ ᠬᠤᠪᠴᠠᠰᠤ ᠨᠡᠭᠡᠵᠤ ᠪᠠᠢ᠌ᠨ᠎ᠠ ᠭᠡᠵᠤ ᠳᠤᠭᠯᠠᠬᠤ ᠨᠢ ᠳᠤᠮᠤᠴᠤᠤᠯ ᠳᠠᠭᠠᠨ ᠳᠤᠰᠠ ᠪᠣᠯᠬᠤ ᠭᠡᠰᠡᠨ ᠪᠠᠭ᠎ᠠ ᠨᠠᠰᠤᠨ ᠤ ᠴᠠᠢ᠌ᠯᠭᠠᠨ ᠭᠦᠰᠡᠯ ᠪᠠᠢ᠌ᠬ᠎ᠠ᠂ ᠮᠤᠩᠭ᠋ᠤᠯ ᠠᠮᠤ ᠬᠠᠳᠤᠬᠤ ᠪᠠᠷ ᠶᠠᠪᠣᠭᠰᠠᠨ ᠠᠬ᠎ᠠ ᠡᠭᠡᠴᠢ ᠨᠡᠷ ᠤᠨ ᠡᠷᠳᠡ ᠬᠠᠷᠢᠵᠤ ᠢᠷᠡᠭᠦ ᠶᠢ ᠭᠦᠭ᠍ᠰᠡᠨ ᠭᠦᠯᠢᠶᠡᠵᠤ ᠰᠠᠭᠤᠳᠠᠭ ᠨᠢ ᠮᠤᠩᠭ᠋ᠤᠯ ᠠᠮᠤ ᠵᠢᠨ ᠡᠰᠢ ᠪᠠᠷ ᠭᠢᠭ᠍ᠰᠡᠨ《ᠪᠢᠰᠭᠢᠭᠦᠷ》‍ ᠢ ᠣᠯᠵᠤ ᠥᠯᠢᠶᠡᠭᠦ ᠭᠡᠰᠡᠨ ᠰᠡᠳᠬᠢᠯ ᠤᠨ ᠬᠦᠯᠢᠶᠡᠯᠳᠡ ᠪᠤᠯᠡᠢ᠃

ᠡᠪᠦᠯ ᠪᠣᠯᠬᠤᠶ᠎ᠡ᠂ ᠭᠦᠳᠡᠭᠡ ᠶᠢᠨ ᠭᠡᠦᠭᠡᠤᠨ ᠨᠢᠬᠡ ᠳᠤᠤᠷ᠎ᠡ ᠴᠤᠭᠯᠠᠷᠠᠵᠤ᠂ ᠬᠠᠯᠡᠭᠤᠨ ᠬᠠᠠᠵᠤᠨ ᠳᠤ ᠳᠠᠪᠠᠳᠠᠢ᠌ᠬᠠᠨ ᠰᠠᠭᠤᠵᠤ᠂ ᠬᠠᠳᠠᠭᠰᠠᠨ ᠣᠯᠠᠭᠠᠨ ᠰᠢᠰᠢ ᠶᠢᠨ ᠡᠰᠢ ᠪᠡᠷ《ᠮᠤᠳᠤᠨ ᠳᠡᠷᠭᠡ》᠂《 ᠮᠤᠷᠢ》᠂《ᠳᠡᠮᠡᠭᠡ》ᠵᠡᠷᠭᠡ ᠭᠠᠷ ᠣᠷᠠᠯᠠᠯ ᠤᠨ ᠪᠦᠳᠦᠭᠡᠯ ᠶᠢᠡᠨ ᠭᠢᠵᠤ᠂ ᠠᠪᠳᠠᠷ᠎ᠠ ᠬᠤᠷᠭᠤ ᠳᠡᠭᠡᠷ᠎ᠡ ᠪᠠᠨ ᠦᠵᠡᠮᠤᠷᠢ ᠪᠣᠯᠭᠠᠨ ᠳᠠᠯᠪᠢᠬᠤ ᠥᠨᠳᠤᠰᠤᠳᠡᠨ ᠤ ᠡᠳ᠋ᠯᠡᠯ ᠬᠡᠷᠡᠭᠰᠡᠯ ᠤᠨ ᠠᠡᠭᠬᠠᠨ ᠤ ᠬᠦᠮᠤᠵᠢᠯ ᠪᠠᠢ᠌ᠭᠰᠠᠨ ᠁

ᠬᠡᠤᠬᠡᠳ ᠪᠠᠭ᠎ᠠ ᠡᠴᠡ ᠪᠡᠨ ᠪᠡᠬᠠᠷᠬᠠᠳᠡᠬ ᠠᠶᠡᠭᠠᠨ ᠬᠤᠸᠡᠷ ᠴᠡᠴᠡᠭ ᠥᠨᠤᠳᠤᠷ ᠥᠭ᠍ᠳᠡᠭᠡᠭᠦ ᠪᠣᠯᠤᠭᠰᠠᠨ ᠮᠠᠨᠢ᠂ ᠣᠷᠤᠰᠢᠨ ᠠᠮᠢᠳᠤᠷᠠᠬᠤ ᠶᠢᠨ ᠡᠷᠭᠡ ᠪᠢᠯᠢᠤ ⁈

ᠡᠰᠡᠬᠦᠯ᠎ᠡ᠂ ᠠᠶᠠᠭᠠᠨ ᠬᠤᠸᠠᠷ ᠮᠢᠨᠢ ᠠᠳᠠᠷ ᠳᠠᠯ᠎ᠠ ᠵᠢ ᠪᠥᠷᠬᠦᠵᠤ᠂ ᠡᠭᠡ ᠪᠠᠢ᠌ᠭᠠᠯᠢ ᠶᠢᠨ ᠰᠢᠮᠡᠳᠤ ᠬᠦᠷᠤᠰᠤᠨ ᠳᠤ ᠥᠩᠭᠡ ᠭᠢᠯᠪᠠᠭ᠎ᠠ ᠨᠡᠮᠡᠷᠢᠯᠡᠵᠤ᠂ ᠬᠤᠡᠭᠭᠤᠷ ᠪᠡᠭ᠎ᠡ ᠨᠡᠰᠤᠨ ᠤ ᠳᠤᠷᠡᠰᠤᠮᠵᠢ ᠵᠢ ᠥᠨᠢᠳᠡ ᠬᠠᠳᠡᠭᠠᠯᠡᠬᠤ ᠪᠤᠶᠤ᠃


ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠪᠠᠶᠠᠠᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ


ᠵᠤᠬᠢᠶᠠᠭᠴᠢ᠄ ᠷᠢᠨᠴᠢᠩᠭ᠋ᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6165
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ