ᠨᠡᠪᠲᠡᠷᠡᠨ ᠤᠷᠤᠬᠤ
ᠨᠤᠳᠤᠭ

᠊᠊᠊᠊᠊᠊᠊᠊᠊᠊᠊᠊᠊᠊᠊ ᠣᠯᠢᠶᠠᠰᠤᠳᠠᠢ ᠶᠢᠨ ᠶᠢᠡᠨ ᠡᠩᠭᠡᠷ ᠳᠠᠭᠢᠭᠠᠤᠨ ᠭᠦᠷᠦᠯ᠎ᠡ

ᠣᠯᠠᠭᠠᠨ ᠬᠠᠯᠴᠠᠭᠠᠢ ᠪᠣᠯᠴᠢᠬᠠᠭᠰᠠᠨ ᠪᠠᠢ᠌ᠯ᠎ᠠ᠃

ᠣᠨᠠᠭᠠᠭᠰᠠᠨ ᠢᠨᠢᠶᠠᠳᠤ ᠨᠤᠭᠦᠳ

ᠣᠰᠤ ᠦᠭᠡᠶ ᠳᠠᠩ ᠤᠨ ᠵᠢᠭᠠᠰᠤ ᠰᠢᠭ ᠠᠩᠭ᠋ᠠᠯᠵᠠᠵᠤ ᠪᠠᠢ᠌ᠯ᠎ᠠ

[ᠠᠷᠳᠠᠢ ᠶᠢᠨ ᠰᠢᠯᠦᠭ᠌ ᠡᠴᠡ]


ᠴᠠᠬᠠᠯᠠᠬᠤ * ᠳᠤ ᠮᠢᠨᠢ ᠳᠤᠰᠴᠤ ᠠᠪᠣᠭᠰᠠᠨ

ᠴᠠᠭᠠᠨ ᠰᠢᠷᠤᠢ

ᠴᠠᠭᠠᠨ ᠰᠦ᠋ ᠶᠢᠨ ᠰᠢᠮ᠎ᠠ ᠳᠠᠢ

ᠡᠷᠳᠡᠨᠢᠳᠤ ᠣᠰᠤᠨ

ᠴᠠᠭ ᠤᠨ ᠬᠠᠳᠠᠭᠤ ᠱᠠᠯᠠᠭ᠎ᠠ ᠳ᠋ᠤ

ᠭᠡᠳᠤ ᠰᠤᠭᠳᠤᠭᠤᠷᠠᠵᠤ

ᠨᠤᠳᠤᠭ ᠶᠢᠡᠨ ᠮᠠᠷᠳᠠᠬᠤ ᠭᠦᠮᠤᠨ

ᠡᠳᠦᠷ ᠡᠴᠠ ᠡᠳᠦᠷ ᠣᠯᠠᠰᠢᠷᠠᠬᠤ ᠳ᠋ᠤ

ᠴᠠᠭᠠᠨ ᠭᠡᠷᠡᠮ ᠳᠠᠩᠴᠢ ᠰᠥᠷᠯᠢᠭ᠌ ᠬᠠᠷᠠᠭᠳᠠᠨ᠎ᠠ

ᠳᠠᠨᠢᠬᠤ ᠦᠭᠡᠶ ᠣᠯᠠᠨ ᠭᠦᠮᠤᠨ

ᠣᠮᠠᠷᠠᠳᠤ ᠶᠢᠨ ᠥᠡᠳᠦᠷᠯᠢᠭ᠌ ᠳᠠᠰᠢ ᠢᠪᠠᠷᠠᠵᠤ

ᠣᠳᠤ ᠴᠠᠭ ᠤᠨ ᠪᠣᠯᠪᠠᠰᠤᠨ ᠢ ᠭᠠᠢ᠌ᠬᠠᠭᠤᠯᠬᠤ ᠳ᠋ᠤ

ᠣᠳᠤᠨ ᠤ ᠳᠤᠤᠷ᠎ᠠ ᠰᠥ᠋ ᠰᠠᠭᠠᠳᠠᠭ

ᠡᠵᠢ ᠶᠢᠨ ᠰᠠᠭᠤᠯᠠᠭ᠎ᠠ ᠭᠡᠵᠢᠶᠡᠳᠡ ᠳᠦᠭᠦᠷᠡᠭᠦ ᠥᠭᠡᠢ

ᠦᠨᠡᠨ ᠶᠤᠰᠤ ᠬᠠᠮᠢᠭ᠎ᠠ ᠪᠠᠢ᠌ᠨ᠎ᠠ ᠭᠡᠵᠤ

ᠥᠭᠡ ᠭᠡᠯᠡᠨ ᠤ ᠬᠢ ᠪᠠᠨ ᠠᠯᠳᠠ ᠶᠢ ᠰᠢᠷᠭᠠᠭᠠᠬᠤ

ᠡᠭᠡ ᠣᠷᠤᠨ ᠳᠠᠭᠠᠨ ᠬᠠᠢ᠌ᠷᠠᠳᠠᠢ ᠬᠡᠦᠬᠡᠳ ᠤᠳ

ᠡᠯᠢᠭᠡᠳᠡᠵᠤ ᠣᠨᠠᠭᠰᠠᠨ ᠰᠢᠷᠤᠢ ᠳ᠋ᠠᠭᠠᠨ

ᠡᠵᠡᠨ ᠨᠢ ᠪᠢᠳᠠ ᠶᠤᠮ ᠭᠡᠵᠤ

ᠡᠭᠡᠯ ᠵᠢᠷ ᠤᠨ ᠨᠠᠢ᠌ᠷᠠᠭ ᠲᠡᠶ ᠪᠠᠨ

ᠢᠷᠡᠭᠦ ᠵᠠᠭᠤᠨ ᠳᠠᠰᠢ

ᠢᠳᠡᠭᠡᠯ ᠳᠦᠭᠦᠷᠡᠩ ᠨᠡᠭᠦᠳᠡᠯᠯᠡᠨ᠎ᠡ᠃


1997.12.12

* ᠴᠠᠬᠠᠯᠠᠬᠤ ᠊᠊᠊᠊᠊᠊᠊᠊᠊᠊᠊᠊᠊᠊᠊ ᠰᠠ‍‌ᠶᠢ ᠳᠦᠷᠦᠭᠦ ᠳᠤ ᠭᠡᠰᠡᠨ ᠣᠤᠠᠬ᠎ᠠ ᠲᠡᠶ᠃

ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤᠨ ᠤ ᠰᠢᠤᠳᠠᠨ ᠳᠤᠪᠴᠢᠶ᠎ᠠ ᠵᠢᠨ 40 ᠳ᠋ᠤᠭᠠᠷ ᠵᠠᠭᠢᠳᠠᠯ ᠤᠨ ᠬᠠᠢ᠌ᠷᠴᠠᠭ

ᠵᠤᠬᠢᠶᠠᠭᠴᠢ᠄ ᠪᠣᠷᠵᠢᠭᠢᠨ·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ