☆ ᠡᠯᠪᠠᠭ᠌
ᠡᠩᠭᠡᠷ ᠲᠡᠭᠡᠨ ᠨᠢᠯᠪᠣᠰᠤ ᠲᠡᠶ ᠡᠭᠡ ᠣᠷᠤᠨ
᠊᠊᠊᠊᠊᠊᠊᠊᠊᠊᠊᠊᠊᠊᠊ ᠠᠯᠪᠠᠨ ᠵᠢᠷᠤᠮ ᠤᠨ ᠮᠤᠳᠤ ᠳᠠᠷᠢᠬᠤ ᠪᠠᠷ ᠶᠠᠪᠣᠬᠤ ᠠᠶᠠᠨ ᠵᠠᠮ ᠳᠠᠭᠢ ᠢᠯᠡᠭᠦᠴᠡ ᠪᠣᠳᠤᠯᠭᠠᠰᠢᠷᠠᠯ
ᠣᠤᠯ ᠨᠢ
ᠬᠠᠷᠠᠵᠠ ᠪᠣᠯᠠᠭ ᠨᠢ
ᠬᠠᠷᠢᠯᠠᠬᠤ ᠦᠬᠢᠳ ᠤᠨ ᠣᠰᠬᠠᠯ ᠨᠢᠳᠤᠨ ᠰᠢᠭ᠌ ᠮᠡᠯᠮᠡᠯᠵᠡᠭᠦᠨ
ᠬᠠᠢ᠌ᠷᠬᠠᠨ ᠠᠭᠤᠯᠠᠰ ᠨᠢ
ᠬᠠᠨᠠᠭᠠᠷ ᠪᠦᠭᠡᠴᠢᠨ ᠤ ᠬᠠᠪᠳᠠᠭᠠᠢ ᠴᠡᠭᠡᠵᠢ ᠰᠢᠭ᠌ ᠰᠦᠷᠵᠢᠭᠦᠨ
ᠡᠯᠪᠠᠭ᠌ ᠳᠠᠷᠭᠤᠨ
ᠡᠭᠡ ᠣᠷᠤᠨ ᠲᠡᠶ ᠪᠠᠢ᠌ᠯ᠎ᠠ ᠪᠢᠳᠠ᠃
ᠣᠳᠤ ᠪᠣᠯᠬᠤ ᠳ᠋ᠤ
ᠠᠠᠵᠢᠰᠤᠨ ᠬᠤᠰᠢᠭᠤ ᠠᠷᠤ ᠨᠢᠷᠤᠭᠤ ᠶᠢ ᠨᠢ ᠮᠠᠷᠠᠵᠤ
ᠠᠷᠠᠭᠠᠳᠤ ᠦᠷᠦᠮᠳᠡᠭᠦᠷ ᠠᠮᠢᠨ ᠵᠢᠷᠦᠭᠡ ᠶᠢ ᠨᠢ ᠰᠡᠳᠡᠯᠡᠭᠡᠳ
ᠣᠰᠤᠨ ᠳᠤ ᠨᠢ ᠳᠤᠤᠷ ᠲᠡᠶ ᠪᠣᠯᠬᠤᠯᠠᠷ ᠨᠢ
ᠣᠭᠳᠠᠷᠭᠤᠢ ᠳ᠋ᠤᠨᠢ ᠳᠤᠭᠤᠰᠤ ᠲᠡᠶ ᠪᠣᠯᠬᠤᠯᠠᠷ ᠨᠢ
ᠣᠷᠭᠤᠮᠠᠯ ᠳ᠋ᠤᠨᠢ ᠳᠤᠭ᠎ᠠ ᠲᠡᠶ ᠪᠣᠯᠬᠤᠯᠠᠷ ᠨᠢ
ᠣᠳᠠᠨ ᠳ᠋ᠤᠨᠢ ᠭᠦᠷᠦᠭᠡ ᠲᠡᠶ ᠪᠣᠯᠬᠤᠯᠠᠷ ᠨᠢ
ᠱᠢᠷᠤᠨ ᠣᠯᠠᠭᠠᠨ ᠳᠡᠮᠡᠭᠡᠳ ᠨᠢ
ᠱᠤᠷᠤᠨ ᠥᠵᠦᠭᠦᠷ ᠲᠤ ᠪᠣᠢ᠌ᠯᠠᠬᠤ ᠪᠠᠷ ᠨᠢ
ᠣᠭᠠᠯᠵᠠᠨ ᠡᠪᠠᠷᠳᠤ ᠢᠮᠠᠭᠠᠤᠨ ᠨᠢ
ᠣᠶᠠᠭ᠎ᠠ ᠴᠢᠳᠤᠷ ᠲᠡᠶ ᠮᠠᠢ᠌ᠯᠠᠯᠳᠤᠬᠤ ᠪᠠᠷ ᠨᠢ
ᠡᠭᠡ ᠣᠷᠤᠨ ᠮᠢᠨᠢ ᠣᠭᠢᠯᠠᠳᠠᠭ ᠪᠣᠯᠤᠯ᠎ᠠ ᠭᠡᠳᠡᠭ᠌
ᠡᠩᠭᠡᠷ ᠳᠦᠭᠦᠷᠡᠩ ᠨᠢᠯᠪᠣᠰᠤ ᠲᠡᠶ ᠪᠣᠯᠤᠯ᠎ᠠ ᠭᠡᠳᠡᠭ᠌
ᠠᠢ ᠳ᠋ᠠ︕
ᠠᠯᠢ ᠴᠤ ᠵᠢᠯ ᠣᠷᠭᠤᠳᠠᠭ ᠥᠭᠡᠢ
ᠠᠯᠪᠠᠨ ᠳᠠᠳᠤᠢ ᠳᠠᠷᠢᠳᠠᠭ
ᠠᠯᠪᠠᠨ ᠵᠢᠷᠤᠮ ᠤᠨ ᠣᠢ᠌ᠵᠢᠭᠤᠯᠤᠯᠳᠠ ᠳ᠋ᠤ
ᠡᠭᠡ ᠣᠷᠤᠨ ᠮᠢᠨᠢ ᠣᠭᠢᠯᠠᠬᠤ ᠪᠠᠷ ᠶᠢᠡᠨ ᠣᠭᠢᠯᠠᠨ᠎ᠠ
ᠳᠡᠭᠡᠷ᠎ᠡ ᠡᠴᠠ ᠪᠠᠭᠤᠯᠭᠤᠬᠤ ᠳᠤ ᠲᠦᠮᠡ ᠪᠠᠢ᠌ᠳᠠᠭ
ᠳᠡᠷᠭᠡᠳᠡ ᠢᠷᠡᠭᠦ ᠳᠤ ᠠᠷᠪᠠ ᠪᠣᠯᠴᠢᠬᠠᠳᠠᠭ
ᠣᠪᠠᠳᠢᠰ ᠶᠡᠭᠡ ᠳᠠᠢ
ᠣᠢ᠌ᠵᠢᠭᠤᠯᠤᠯᠳᠠ ᠶᠢᠨ ᠵᠠᠷᠤᠳᠠᠯ ᠳ᠋ᠤ
ᠡᠭᠡ ᠣᠷᠤᠨ ᠮᠢᠨᠢ ᠣᠭᠢᠯᠠᠬᠤ ᠪᠠᠷ ᠶᠢᠡᠨ ᠣᠭᠢᠯᠠᠨ᠎ᠠ
ᠳᠡᠭᠡᠯᠭᠦᠢ ᠳ᠋ᠠ
ᠭᠦᠭᠡ ᠴᠡᠩᠭᠡᠷ ᠣᠭᠳᠠᠷᠭᠤᠢ ᠳ᠋ᠠᠭᠠᠨ
ᠭᠦᠮᠤᠨ ᠳᠦᠷᠦᠯᠭᠡᠢ᠌ᠳᠡᠨ
ᠪᠠᠭᠡᠨ ᠬᠠᠷ᠎ᠠ ᠣᠳᠤᠭ᠎ᠠ ᠪᠠᠷ ᠵᠢᠠᠨ
ᠪᠢ ᠁ ᠭᠡᠵᠤ
ᠪᠢᠳᠡᠭᠦᠷᠡᠳᠡᠯᠡ ᠡᠷᠢᠶᠡᠴᠢᠭ᠍ᠰᠡᠨ ᠪᠠᠢ᠌ᠯ᠎ᠠ
ᠭᠦᠷᠦᠰᠦᠳᠤ ᠶᠡᠭᠡ ᠪᠦᠮᠪᠦᠷᠴᠡᠭ᠌ ᠵᠢᠠᠨ
ᠭᠦᠮᠤᠨ ᠳᠦᠷᠦᠯᠭᠡᠢ᠌ᠳᠡᠨ
ᠴᠢᠮᠢ᠋ᠢ ᠁ ᠭᠡᠵᠤ
ᠴᠠᠰᠤᠨ ᠴᠠᠭᠠᠨ ᠨᠢᠳᠤ ᠪᠠᠷ
ᠬᠤᠪᠢᠠᠴᠢᠷ ᠡᠴᠠ ᠬᠤᠪᠢᠠᠴᠢᠷ ᠥᠪᠯᠡᠭ᠍ᠰᠡᠨ ᠪᠠᠢ᠌ᠯ᠎ᠠ᠃
ᠵᠤᠬᠢᠶᠠᠭᠴᠢ ᠶᠢᠨ ᠬᠠᠶᠢᠭ᠄ ᠣᠷᠳᠤᠰ ᠬᠤᠳᠠ ᠶᠢᠨ ᠣᠳᠤᠭ ᠬᠤᠰᠢᠭᠤᠨ ᠤ ᠪᠦᠳᠦᠭᠡᠨ ᠪᠠᠢ᠌ᠭᠤᠯᠤᠯᠳᠠ ᠶᠢᠨ ᠳᠤᠪᠴᠢᠶ᠎ᠠ
ᠵᠤᠬᠢᠶᠠᠭᠴᠢ᠄ ᠡᠯᠪᠠᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3077
ᠴᠠᠭ᠄ 2010 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ