ᠨᠡᠪᠲᠡᠷᠡᠨ ᠤᠷᠤᠬᠤ
ᠮᠤᠩᠭ᠋ᠤᠯ ᠪᠦᠰᠡᠭᠦᠢ
᠊᠊᠊᠊᠊᠊᠊᠊᠊᠊᠊᠊᠊᠊᠊ ᠮᠤᠩᠭ᠋ᠤᠯ ᠪᠦᠰᠡᠭᠦᠢ ᠶᠢᠨ ᠬᠤᠪᠴᠠᠰᠤ ᠶᠢᠨ ᠥᠵᠡᠰᠭᠦᠯᠡᠩ ᠰᠤᠨᠢᠷᠬᠠᠭᠠᠤᠨ

ᠬᠠᠮᠪᠣ ᠳᠤᠷᠭ᠎ᠠ ᠪᠠᠷ ᠣᠷᠠᠯᠠᠭᠰᠠᠨ

ᠬᠠᠷᠠᠭ᠎ᠠ ᠪᠣᠯᠢᠶᠠᠮ᠎ᠠ

ᠣᠭᠠᠯᠵᠠ ᠲᠡᠶ

ᠬᠠᠰ ᠡᠷᠳᠡᠨᠢ ᠪᠠᠷ ᠴᠢᠮᠡᠭ᠍ᠰᠡᠨ

ᠬᠠᠪᠣᠯᠢᠭ ᠰᠠᠢ᠌ᠬᠠᠨ

ᠬᠤᠪᠴᠠᠰᠤ ᠳᠠᠢ

ᠮᠥᠩᠭᠡ ᠳᠡᠭ᠍ᠷᠢ ᠡᠴᠠ ᠵᠠᠶᠠᠭᠠᠭᠰᠠᠨ

ᠮᠤᠩᠭ᠋ᠤᠯ ᠪᠦᠰᠡᠭᠦᠢ

ᠥᠵᠡᠰᠭᠦᠯᠡᠩ

ᠮᠤᠯᠤᠷ ᠡᠷᠳᠡᠨᠢ ᠪᠠᠷ ᠰᠤᠯᠢᠰᠢ ᠥᠭᠡᠢ

ᠮᠤᠩᠭ᠋ᠤᠯ ᠵᠠᠰᠠᠯ

ᠦᠵᠡᠮᠵᠢ ᠳᠠᠢ

ᠣᠳᠤᠮ ᠤᠨ ᠣᠷᠠᠨ ᠰᠦᠯᠵᠢᠶ᠎ᠠ ᠪᠠᠷ

ᠣᠷᠳᠤ ᠬᠤᠷᠮᠤᠢ

ᠰᠢᠭᠤᠭᠰᠠᠨ

ᠣᠬᠠᠭᠠᠨ ᠤ ᠰᠤᠷᠭᠤᠭ ᠦᠯᠵᠠᠢ ᠪᠠᠷ

ᠣᠷᠠᠨ ᠵᠠᠶᠠᠭ᠎ᠠ

ᠭᠡᠢ᠌ᠭ᠍ᠰᠡᠨ

ᠭᠠᠯᠪᠠᠷ ᠣᠶᠠᠬᠠᠨ ᠴᠤᠭᠴᠠᠰ ᠳᠠᠭᠠᠨ

ᠭᠠᠯᠪᠠ ᠳᠤ ᠬᠤᠪᠣᠷ

ᠴᠢᠮᠡᠭ᠌ ᠳᠠᠢ

ᠭᠠᠮ ᠲᠡᠶ ᠳᠠᠮ ᠲᠡᠶ ᠭᠤᠶᠤᠯᠠᠭᠠᠤᠨ

ᠭᠠᠢ᠌ᠬᠠᠯ ᠪᠣᠯᠢᠶᠠᠭᠰᠠᠨ

ᠪᠦᠰᠡᠭᠦᠢ

ᠭᠡᠷ ᠶᠢᠡᠨ ᠴᠢᠮᠡᠭ᠍ᠰᠡᠨ

ᠡᠷ᠎ᠡ ᠶᠢᠨ ᠣᠮᠤᠭ

ᠳᠦᠷᠤ ᠪᠡᠨ ᠴᠢᠮᠡᠭ᠍ᠰᠡᠨ

ᠣᠷ᠎ᠠ ᠶᠢᠨ ᠥᠮᠦᠭ᠌

ᠪᠦᠰᠡᠭᠦᠢ ᠭᠦᠮᠤᠨ ᠊᠊᠊᠊᠊᠊᠊᠊᠊᠊᠊᠊᠊᠊᠊

ᠪᠦᠮᠪᠦᠷᠴᠡᠭ᠌ ᠤᠨ ᠬᠠᠭᠠᠰ

ᠪᠦᠰᠡᠭᠦᠢ ᠲᠡᠶ ᠪᠦᠮᠪᠦᠷᠴᠡᠭ᠌

ᠪᠦᠳᠤᠨ ᠪᠦᠮᠪᠦᠷᠴᠡᠭ᠌᠃



ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ ᠳᠡᠪᠠᠭᠡᠨᠤ᠋ᠰᠤᠨ

ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ