ᠨᠡᠪᠲᠡᠷᠡᠨ ᠤᠷᠤᠬᠤ
ᠠᠪᠣ ᠶᠢᠨ ᠮᠤᠷᠢᠨ ᠱᠤᠩ

ᠣᠩᠭ᠋ᠤᠨ ᠵᠠᠯᠠᠭᠤ ᠶᠢᠨ ᠴᠠᠭ ᠲᠠᠭᠠᠨ

ᠣᠷᠤᠢ ᠰᠠᠷᠢᠳᠠᠭ ᠠᠭᠤᠯᠠᠰ ᠤᠨ ᠳᠤᠯᠤᠭᠠᠤᠨ ᠢ

ᠣᠮᠤᠭᠳᠤ ᠪᠦᠷᠭᠦᠤᠨ ᠰᠢᠭ᠌ ᠰᠢᠭᠦᠷᠤᠨ ᠳᠠᠪᠭᠢᠬᠤ ᠳᠠᠭᠠᠨ

ᠠᠪᠣ ᠮᠢᠨᠢ ᠠᠳᠤᠭᠤᠴᠢᠨ ᠪᠠᠢ᠌ᠭᠰᠠᠨ᠂

ᠠᠮᠢᠳᠤᠷᠠᠯ ᠤᠨ ᠰᠢᠷᠦᠭᠦᠨ ᠳᠠᠪᠠᠯᠭᠠᠨ

ᠮᠦᠰᠤ ᠶᠢ ᠨᠢ ᠰᠢᠯᠭᠠᠵᠤ

ᠠᠯᠳᠠᠢ ᠬᠠᠩᠭ᠋ᠠᠢ ᠶᠢᠨ ᠪᠠᠷᠭᠡ

ᠰᠦᠰᠦ ᠶᠢ ᠨᠢ ᠢᠷᠯᠡᠭᠦ ᠪᠠᠷ

ᠦᠷ᠎ᠡ ᠶᠢᠨ ᠶᠢᠡᠨ ᠡᠮᠦᠨ᠎ᠡ ᠡᠴᠡ ᠵᠢᠦᠡᠭᠦᠵᠤ

ᠰᠥᠷᠦᠭ᠌ ᠤᠨ ᠶᠢᠡᠨ ᠬᠣᠢ᠌ᠨ᠎ᠠ ᠡᠴᠡ ᠢᠰᠭᠡᠷᠴᠤ

ᠬᠤᠷ ᠳᠠᠯ ᠲᠡᠶ ᠠᠳᠤᠭᠤᠳ ᠤᠨ ᠶᠢᠡᠨ ᠥᠣᠷᠰᠡᠭᠡ ᠪᠠᠷ

ᠬᠤᠷᠸ᠎ᠠ ᠶᠢᠨ ᠵᠢᠷᠭᠠᠯ ᠢ ᠰᠤᠪᠢᠵᠤ ᠶᠠᠪᠣᠬᠤ ᠳᠠᠭᠠᠨ

ᠠᠪᠣ ᠮᠢᠨᠢ ︕

ᠠᠷᠤᠭ ᠤᠨ ᠴᠢᠨᠡᠭᠡ ᠭᠡᠷ ᠤᠨ ᠶᠢᠡᠨ ᠡᠮᠦᠨ᠎ᠡ

ᠠᠳᠤᠭᠤ ᠪᠠᠨ ᠰᠣᠢ᠌ᠬᠤ ᠱᠤᠩ ᠲᠡᠶ ᠪᠠᠢ᠌ᠭᠰᠠᠨ ︕

ᠳᠠᠷᠠ ᠦᠶ᠎ᠡ᠂

ᠨᠠᠢ᠌ᠷ ᠤᠨ ᠰᠠᠢ᠌ᠬᠠᠨ ᠮᠤᠷᠢᠳ

ᠠᠪᠣ ᠶᠢᠨ ᠮᠤᠷᠢᠨ ᠱᠤᠩ ᠳᠤ ᠰᠣᠢ᠌ᠭᠳᠠᠵᠤ

ᠨᠠᠢ᠌ᠷᠰᠠᠭ ᠮᠤᠩᠭ᠋ᠤᠯ ᠭᠦᠭᠡᠷᠦᠭᠡ

ᠠᠪᠣ ᠶᠢᠨ ᠮᠤᠷᠢᠨ ᠱᠤᠩ ᠡᠴᠡ ᠶᠠᠷᠢᠭᠳᠠᠵᠤ

ᠨᠠᠰᠤᠳᠠᠢ ᠡᠮᠡᠭᠡ ᠶᠢᠨ ᠮᠢᠨᠢ ᠰᠠᠴᠤᠯᠢ

ᠠᠪᠣ ᠶᠢᠨ ᠮᠤᠷᠢᠨ ᠱᠤᠩ ᠡᠴᠡ ᠡᠷᠭᠦᠭ᠍ᠳᠡᠵᠤ

ᠨᠠᠮᠬᠠᠨ ᠪᠦᠷᠦᠢ ᠶᠢᠨ ᠰᠠᠷᠠᠨ ᠴᠤ

ᠠᠪᠣ ᠶᠢᠨ ᠮᠤᠷᠢᠨ ᠱᠤᠩ ᠳᠤ ᠥᠡᠵᠢᠳᠡᠭ᠌ ᠪᠠᠢ᠌ᠭᠰᠠᠨ ᠁

ᠨᠠᠮᠤᠷ ᠤᠨ ᠬᠤᠩᠭ᠋ᠤᠷ ᠰᠠᠯᠭᠢ

ᠳᠤᠭᠤᠷᠠᠢ ᠴᠤᠴᠠᠬᠤ ᠦᠭᠡᠶ ᠥᠯᠢᠶᠡᠭᠦᠯᠡᠷ

ᠨᠠᠰᠤᠨ ᠤ ᠦᠨᠳᠦᠷ ᠳᠠᠪᠠᠭ᠎ᠠ

ᠪᠣᠳᠤᠯ ᠴᠤᠴᠢᠭᠠᠬᠤ ᠦᠭᠡᠶ ᠢᠷᠡᠭᠦᠯᠡᠷ

ᠠᠪᠣ ᠶᠢᠨ ᠮᠢᠨᠢ ᠪᠠᠶ᠎ᠠ ᠵᠢᠵᠢᠭ᠍ᠷᠡᠵᠤ

ᠳᠤᠬᠤᠢ ᠪᠠᠨ ᠳᠠᠭᠠᠭᠠᠬᠤ ᠦᠭᠡᠶ ᠪᠣᠯᠤᠭᠰᠠᠨ ᠶᠤᠮ

ᠠᠳᠤᠭᠤᠨ ᠤ ᠮᠢᠨᠢ ᠳᠠᠷ ᠮᠠᠭᠤᠳᠠᠵᠤ

ᠳᠤᠬᠤᠮ ᠶᠢᠡᠨ ᠳᠠᠭᠠᠭᠠᠬᠤ ᠦᠭᠡᠶ ᠪᠣᠯᠤᠭᠰᠠᠨ ᠶᠤᠮ

ᠱᠤᠩ ᠤᠨ ᠮᠤᠳᠤ ᠥᠵᠢᠷᠡᠭᠡᠳ

ᠪᠠᠶ᠎ᠠ ᠪᠠᠨ ᠳᠠᠭᠠᠭᠠᠬᠤ ᠦᠭᠡᠶ ᠣᠨᠠᠭᠰᠠᠨ ᠶᠤᠮ ᠁

ᠳᠡᠭᠦᠨ ᠡᠴᠡ ᠬᠣᠢ᠌ᠰᠢ

ᠠᠪᠣ ᠶᠢᠨ ᠶᠢᠡᠨ ᠰᠠᠢ᠌ᠬᠠᠨ ᠪᠠᠷ᠎ᠠ ᠶᠢ

ᠵᠡᠭᠦᠳᠤᠨ ᠳᠡᠭᠡᠨ ᠯᠠ ᠬᠠᠷᠠᠵᠤ

ᠠᠳᠤᠭᠤᠨ ᠤ ᠪᠠᠨ ᠰᠠᠢ᠌ᠬᠠᠨ ᠥᠣᠷᠰᠡᠭᠡ ᠶᠢ

ᠰᠢᠯᠦᠭ᠌ ᠲᠡᠭᠡᠨ ᠯᠠ ᠬᠠᠳᠠᠵᠤ

ᠠᠪᠣ ᠶᠢᠨ ᠮᠤᠷᠢᠨ ᠱᠤᠩ ᠢ

ᠭᠦᠤ ᠳᠡᠭᠡᠨ ᠯᠠ ᠬᠠᠭᠤᠴᠢᠯᠠᠵᠤ ᠶᠠᠷᠢᠭᠰᠠᠨ ᠶᠤᠮ ᠪᠢ ︕

ᠳᠠᠷᠠ ᠦᠶ᠎ᠡ

ᠠᠪᠣ ᠮᠢᠨᠢ

ᠠᠷᠤᠭ ᠤᠨ ᠴᠢᠨᠡᠭᠡ ᠭᠡᠷ ᠤᠨ ᠶᠢᠡᠨ ᠡᠮᠦᠨ᠎ᠡ

ᠠᠳᠤᠭᠤ ᠪᠠᠨ ᠰᠣᠢ᠌ᠬᠤ ᠱᠤᠩ ᠲᠡᠶ ᠪᠠᠢ᠌ᠭᠰᠠᠨ ᠡ ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ