☆ ᠪᠣᠷᠵᠢᠭᠢᠨ·ᠮᠥᠩᠭᠡᠤ᠋ᠳᠽᠡᠷ
ᠵᠢᠷᠦᠭᠡ ᠶᠢ ᠠᠷᠠᠭᠠᠮᠵᠢᠭᠰᠠᠨ ᠪᠠᠭ᠎ᠠ ᠶᠢᠨ ᠨᠤᠳᠤᠭ
ᠬᠠᠪᠣᠷ ᠴᠠᠭ ᠤᠨ ᠮᠢᠷᠠᠯᠵᠠᠬᠤ ᠵᠡᠷᠭᠡᠯᠭᠡᠨ
ᠬᠠᠷᠠᠭᠠᠨ ᠤ ᠥᠵᠦᠭᠦᠷ ᠦᠶᠡᠷᠯᠠᠪᠠᠤ ᠭᠡᠮᠡᠷᠭᠡᠨ
ᠬᠠᠯᠠᠭᠤᠨ ᠵᠤᠨ ᠤ ᠥᠩᠭᠡᠳᠤ ᠰᠤᠯᠤᠩᠭ᠋᠎ᠠ
ᠬᠠᠰᠢᠶᠠᠨ ᠡᠴᠡ ᠳᠡᠭ᠍ᠷᠢ ᠶᠢ ᠬᠤᠯᠪᠣᠪᠠᠤ ᠭᠡᠮᠡᠷᠭᠡᠨ
ᠳᠤᠰᠤ ᠲᠡᠶ ᠨᠠᠮᠤᠷ ᠤᠨ ᠰᠡᠷᠢᠭᠦᠨ ᠰᠠᠯᠭᠢᠨ ᠳᠤ
ᠳᠤᠭᠤᠳᠤᠭ ᠳᠤᠭᠤᠭᠠᠤᠨ ᠢᠨᠢᠶᠡᠯᠴᠡᠳᠡᠭ᠌ ᠪᠠᠢ᠌ᠭᠰᠠᠨ
ᠳᠠᠰᠭᠢᠮ᠎ᠠ ᠡᠪᠦᠯ ᠤᠨ ᠠᠩᠬᠠᠨ ᠤ ᠴᠠᠰᠤᠨ ᠶᠢᠡᠷ
ᠳᠠᠤᠯᠠᠢ ᠠᠪᠠᠯᠠᠭᠠᠤᠨ ᠭᠦᠭ᠍ᠵᠢᠯᠳᠦᠳᠡᠭ᠌ ᠪᠠᠢ᠌ᠭᠰᠠᠨ
ᠳᠡᠭ᠍ᠷᠢ ᠶᠢ ᠳᠡᠯᠡᠭᠡᠳ ᠳᠠᠯ᠎ᠠ ᠨᠢ ᠡᠯᠳᠡᠩ
ᠳᠠᠯ᠎ᠠ ᠪᠠᠨ ᠳᠦᠯᠭᠢᠭᠡᠳ ᠪᠠᠯᠴᠢᠭᠡᠷ ᠨᠢ ᠰᠠᠬᠤᠯᠢᠭ
ᠪᠠᠯᠴᠢᠭᠡᠷ ᠶᠢᠡᠨ ᠰᠢᠭᠡᠳᠭᠡᠷᠯᠡᠭᠡᠳ ᠮᠠᠯ ᠨᠢ ᠳᠠᠷᠭᠤᠨ
ᠰᠥᠷᠦᠭ᠌ ᠶᠢᠡᠨ ᠬᠠᠷᠠᠭᠠᠤᠨ ᠮᠠᠯᠴᠢᠳ ᠪᠠᠶᠠᠰᠬᠤᠯᠠᠩ
ᠵᠢᠷᠭᠠᠰᠢ ᠦᠭᠡᠶ ᠮᠥᠩᠭᠡ ᠶᠢᠨ ᠨᠠᠷᠠ ᠲᠡᠶ
ᠵᠤᠯᠭᠠᠷᠠᠰᠢ ᠦᠭᠡᠶ ᠰᠤᠷᠭᠤᠭ ᠴᠡᠴᠡᠭ᠌ ᠲᠡᠶ
ᠵᠥᠡᠭᠡᠨᠡᠯ᠂ ᠭᠦᠰᠡᠯ ᠤᠨ ᠣᠩᠭ᠋ᠤᠨ ᠭᠡᠢ ᠮᠤᠷᠢ
ᠵᠢᠷᠦᠭᠡᠨ ᠳᠤ ᠬᠠᠳᠠᠩᠰᠢᠭᠰᠠᠨ ᠪᠠᠭ᠎ᠠ ᠶᠢᠨ ᠨᠤᠳᠤᠭ
ᠵᠤᠬᠢᠶᠠᠭᠴᠢ ᠶᠢᠨ ᠬᠠᠶᠢᠭ᠄ ᠪᠠᠭᠡᠵᠢᠩ ᠬᠤᠳᠠ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2827
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ