ᠨᠡᠪᠲᠡᠷᠡᠨ ᠤᠷᠤᠬᠤ
ᠤᠷᠠᠯᠢᠭ ᠭᠡᠳᠡᠭ᠌ ᠡᠴᠠ ᠣᠬᠠᠭᠠᠷᠠᠬᠤᠢ

ᠣᠷᠠᠯᠢᠭ ᠭᠡᠭᠦ ᠡᠴᠠ ᠭᠦᠮᠦᠰ ᠤᠶᠠᠩ‍ᠭ᠎ᠠ ᠳᠠᠭᠤᠤ᠂ ᠣᠷᠠᠨ ᠵᠢᠷᠤᠭ᠂ ᠤᠳᠬ᠎ᠠ ᠵᠤᠬᠢᠶᠠᠯ ᠭᠡᠳ ᠨᠢᠭᠡ ᠣᠯᠠᠨ ᠵᠣᠢ᠌ᠯ ᠳᠤ ᠨᠡᠢ᠌ᠯᠡᠭᠦᠯᠦᠭᠡᠳ ᠪᠣᠳᠤᠴᠢᠬᠠᠨ᠎ᠠ᠃ ᠡ᠊ᠨᠳᠡ ᠭᠡᠯᠡᠭᠦ ᠭᠡᠵᠤ ᠪᠠᠢ᠌ᠭ᠎ᠠ ᠪᠣᠯ ᠣᠷᠠᠯᠢᠭ ᠢ ᠵᠠᠪᠠᠯ ᠳᠡᠢ᠌ᠮᠦᠷᠭᠦ ᠳᠤᠰᠬᠠᠢ ᠣᠬᠠᠭᠳᠠᠬᠤᠨ ᠳᠣᠢ᠌ᠮᠤ ᠪᠣᠶᠤ ᠳᠡᠩᠳᠡᠭᠦᠤ ᠦᠨᠳᠦᠷ ᠭᠢᠷᠢ ᠲᠦᠪᠰᠢᠨ ᠳᠤ ᠠᠪᠠᠴᠢᠵᠤ ᠳᠠᠯᠪᠢᠭᠰᠠᠨ ᠤ ᠭᠡᠷᠡᠭ᠌ ᠠᠯᠠᠭ᠎ᠠ᠂ ᠬᠠᠷᠢᠨ ᠣᠷᠠᠯᠢᠭ ᠨᠢ ᠪᠢᠳᠠᠨ ᠤ ᠡᠳᠦᠷ ᠳᠤᠳᠤᠮ ᠤᠨ ᠠᠵᠢᠯ ᠠᠮᠢᠳᠤᠷᠠᠯ ᠠᠯᠢ ᠪᠦᠭᠦᠢ ᠳᠤ ᠨᠠᠪᠴᠢᠵᠤ ᠪᠠᠢ᠌ᠭ᠎ᠠ ᠪᠦᠭᠡᠳ ᠯᠠᠪᠯᠠᠵᠤ ᠦᠵᠡᠪᠠᠯ ᠪᠢᠳᠠᠨ ᠭᠦᠮᠤᠨ ᠪᠦᠭᠦᠨ ᠴᠦᠮ ᠣᠷᠠᠯᠢᠭᠴᠢᠨ ᠪᠠᠢ᠌ᠵᠤ ᠡᠭᠦᠨ ᠶᠢᠡᠨ ᠰᠠᠢ᠌ᠬᠠᠨ ᠪᠠᠳᠠᠷᠠᠭᠤᠯᠵᠤ ᠴᠢᠳᠠᠪᠠᠯ ᠮᠠᠨ ᠤ ᠣᠷᠴᠢᠨ ᠳᠤᠭᠤᠷᠢᠨ ᠨᠠᠩ ᠪᠣᠯᠪᠠᠰᠤᠨ ᠰᠠᠢ᠌ᠬᠠᠨ᠂ ᠨᠠᠩ ᠴᠠᠪᠠᠷ ᠭᠤᠶᠤᠮᠰᠤᠭ᠂ ᠨᠠᠩ ᠦᠨᠳᠦᠷ ᠲᠦᠪᠰᠢᠨ ᠤ ᠪᠣᠯᠵᠤ ᠪᠣᠯᠤᠨ᠎ᠠ ᠳ᠋ᠠ ᠭᠡᠵᠤ ᠪᠣᠳᠤᠭᠳᠠᠭᠰᠠᠨ ᠡᠴᠠ ᠶᠤᠮ᠃

ᠣᠷᠢᠳᠠᠪᠠᠷ ᠪᠢᠳᠠ ᠥᠭᠡ ᠭᠡᠯᠡ ᠪᠠᠨ ᠯᠠᠪᠯᠠᠵᠤ ᠦᠵᠡᠶ᠎ᠠ᠃ ᠥᠭᠡ ᠶᠢ ᠣᠷᠠᠯᠢᠭ ᠭᠡᠯᠡᠪᠠᠯ ᠰᠤᠨᠤᠰᠬᠤ ᠳᠤ ᠠᠶᠠᠳᠠᠢ ᠪᠦᠭᠡᠳ ᠦᠷ᠎ᠡ ᠳ᠋ᠦ᠋ᠩ ᠨᠢ ᠮᠠᠰᠢ ᠰᠠᠢ᠌ᠨ ᠪᠠᠢ᠌ᠳᠠᠭ᠃ ᠠᠷᠠᠤᠨ ᠤᠨ ᠳᠤᠮᠳᠠ 《ᠥᠭᠡ ᠪᠠᠷ ᠥᠭᠦᠭᠦᠯᠦᠨ᠎ᠡ》 ᠭᠡᠳᠡᠭ᠌ ᠵᠣᠢ᠌ᠷᠯᠠᠯ ᠪᠠᠢ᠌ᠳᠠᠭ ᠨᠢ ᠠᠮᠠ ᠨᠡᠭᠡᠭᠡᠪᠠᠯ ᠠᠯᠠᠵᠤ ᠪᠣᠯᠠᠮᠠᠷ ᠬᠠᠳᠠᠭᠤ ᠥᠭᠡ ᠵᠠᠷᠤᠵᠤ᠂ ᠴᠢᠨᠠᠭᠰᠢᠯᠠᠨ ᠨᠥᠭᠦᠭᠡᠳᠡᠭᠢ ᠪᠠᠨ ᠣᠷᠤᠬᠤ ᠭᠠᠵᠠᠷ ᠣᠯᠬᠤ ᠦᠭᠡᠶ ᠪᠣᠯᠳᠠᠯ᠎ᠠ ᠭᠡᠯᠡᠵᠤ ᠠᠪᠣᠭᠠᠤᠨ ᠯᠠ ᠰᠠᠨᠠᠭ᠎ᠠ ᠨᠢ ᠠᠮᠠᠷᠠᠬᠤ ᠳᠡᠢ᠌ᠮᠦᠷᠭᠦ ᠭᠦᠮᠦᠰ ᠢ ᠵᠢᠭᠠᠵᠤ ᠪᠠᠢ᠌ᠨ᠎ᠠ᠃ ᠥᠨᠡᠨᠳᠡᠭᠡᠨ ᠶᠠᠮᠠᠷᠴᠤ ᠶᠠᠯᠢᠬᠤ ᠦᠭᠡᠶ ᠶᠠᠪᠣᠳᠠᠯ ᠪᠣᠯᠪᠠᠴᠤ ᠶᠠᠷᠢᠵᠤ ᠢᠯᠡᠳᠭᠡᠭᠦ ᠨᠢ ᠡᠪ ᠦᠭᠡᠶ ᠪᠣᠯᠤᠭᠰᠠᠭᠠᠷ ᠯᠠ ᠪᠣᠰᠤᠳ ᠢ ᠭᠤᠮᠤᠳᠠᠭᠠᠬᠤ ᠪᠦᠭᠡᠳ ᠦᠪᠡᠷ ᠶᠢᠡᠨ ᠴᠤ ᠬᠤᠭᠢᠷᠠᠯ ᠲᠡᠶ᠃ ᠭᠡᠯᠡᠭᠡᠳ ᠬᠤᠠᠵᠢᠬᠤ ᠶᠠᠭᠤᠮ᠎ᠠ ᠭᠡᠵᠤ ᠪᠠᠢ᠌ᠬᠤ ᠦᠭᠡᠶ ᠪᠢᠯᠠ᠃ ᠬᠠᠷᠢᠨ ᠪᠢᠳᠠ ᠡᠳᠦᠷ ᠳᠤᠳᠤᠮ ᠤᠨ ᠥᠭᠡ ᠭᠡᠯᠡ ᠪᠠᠨ ᠪᠣᠯᠪᠠᠰᠤᠨ ᠶᠤᠰᠤᠷᠠᠬᠠᠭ ᠣᠷᠠᠯᠢᠭ ᠡᠪᠳᠡᠢ ᠢᠯᠡᠳᠭᠡᠪᠠᠯ ᠨᠠᠭᠠᠳᠤ ᠵᠠᠬ᠎ᠠ ᠨᠢ ᠪᠢᠳᠠᠨ ᠤ ᠴᠢᠭᠢᠨ ᠳᠤ ᠳᠠᠭᠠᠳᠠᠢ ᠴᠢᠭᠢᠨ ᠳᠤ ᠠᠶᠠᠳᠠᠢ ᠪᠠᠢ᠌ᠵᠤ ᠡᠨᠡ ᠨᠢ ᠳᠡᠭᠡᠭᠡᠳ ᠨᠢᠭᠡ ᠭᠦᠮᠤᠨ ᠤ ᠭᠡᠪ ᠪᠣᠯᠪᠠᠰᠤᠷᠠᠯ ᠤᠨ ᠢᠯᠠᠷᠠᠯ ᠪᠣᠯᠵᠤ ᠬᠠᠵᠠᠭᠤ ᠳᠡᠷᠭᠡᠳᠡᠭᠢ ᠣᠷᠴᠢᠨ ᠳᠤᠭᠤᠷᠢᠨ ᠶᠢᠡᠨ ᠴᠡᠪᠠᠷᠰᠢᠭᠦᠯᠤᠨ ᠨᠥᠯᠦᠭᠡᠯᠡᠵᠤ᠂ ᠡᠭᠦᠨ ᠡᠴᠠ ᠪᠠᠨ ᠨᠡᠢ᠌ᠭᠡᠮ ᠨᠠᠢ᠌ᠳᠠ ᠶᠢᠨ ᠰᠠᠢ᠌ᠨ ᠰᠠᠢ᠌ᠬᠠᠨ ᠠᠭᠤᠷ ᠠᠮᠢᠰᠬᠤᠯ ᠢ ᠪᠣᠢ ᠪᠣᠯᠭᠠᠵᠤ ᠪᠣᠯᠤᠨ᠎ᠠ᠃

ᠳᠠᠭᠢᠭᠠᠤᠨ ᠪᠢᠳᠠ ᠠᠵᠢᠯ ᠠᠮᠢᠳᠤᠷᠠᠯ ᠡᠴᠠ ᠪᠠᠨ ᠡᠰᠢᠯᠡᠵᠤ ᠶᠠᠷᠢᠶ᠎ᠠ᠃ ᠠᠵᠢᠯ ᠠᠮᠢᠳᠤᠷᠠᠯ ᠭᠡᠭ᠍ᠴᠢ ᠳᠠᠷᠠ ᠭᠡᠪ ᠶᠢᠡᠷ ᠶᠢᠡᠨ ᠣᠷᠠᠯᠢᠭ ᠮᠦᠨ ᠭᠡᠵᠤ ᠠᠯᠢ ᠨᠢᠭᠡ ᠡᠷᠳᠡᠮᠳᠡᠨ ᠭᠡᠯᠡᠭ᠍ᠰᠡᠨ ᠪᠠᠢ᠌ᠳᠠᠭ᠃ ᠭᠡᠷ ᠦᠷᠦᠭᠡ ᠪᠠᠨ ᠪᠠᠢ᠌ᠷᠢᠰᠢᠭᠤᠯᠵᠤ ᠳᠤᠳᠤᠮᠳᠠᠬᠤ ᠡᠴᠠ ᠠᠪᠣᠭᠠᠤᠨ ᠦᠪᠡᠷ ᠤᠨ ᠪᠠᠶ᠎ᠠ ᠶᠢᠨ ᠡᠮᠦᠰᠭᠡᠯ ᠵᠠᠰᠠᠯ᠂ ᠥᠭᠡ ᠶᠠᠷᠢᠶ᠎ᠠ᠂ ᠣᠢ᠌ᠯᠠ ᠠᠵᠢᠯᠯᠠᠭ᠎ᠠ ᠨᠢ ᠳᠠᠷᠠ ᠭᠦᠮᠤᠨ ᠤ ᠭᠡᠪ ᠪᠣᠯᠪᠠᠰᠤᠷᠠᠯ ᠮᠡᠳᠡᠯᠭᠡ ᠴᠢᠳᠠᠪᠣᠷᠢ ᠵᠡᠷᠭᠡ ᠶᠢ ᠢᠯᠡᠷᠡᠭᠦᠯᠳᠡᠭ᠌ ᠪᠦᠭᠡᠳ 《ᠳᠠᠷᠠ ᠭᠦᠮᠤᠨ ᠶᠠᠭᠤ ᠭᠢᠪᠠᠴᠤ ᠮᠠᠰᠢ ᠣᠷᠠᠯᠢᠭᠵᠢᠭᠤᠨ》 ᠭᠡᠵᠤ ᠮᠠᠭᠳᠠᠭᠳᠠᠬᠤ ᠨᠢ ᠨᠠᠩ ᠴᠤ ᠭᠡᠮᠡᠷᠯᠢᠭ᠌ ᠳᠤᠷᠭᠠᠨ ᠳᠤ ᠴᠡᠴᠡᠭ᠌ ᠬᠠᠳᠬᠤᠮᠯᠯᠠᠭᠰᠠᠨ ᠰᠠᠢ᠌ᠬᠠᠨ ᠦᠨᠡᠯᠠᠯᠳᠠ ᠪᠣᠯᠵᠤ ᠰᠤᠨᠤᠰᠳᠠᠨ᠎ᠠ᠃ ᠭᠡᠯᠡᠯᠭᠡᠨ ᠦᠭᠡᠶ ᠣᠷᠠᠯᠢᠭ ᠭᠡᠳᠡᠭ᠌ ᠨᠢ ᠨᠢᠭᠡ ᠭᠦᠮᠤᠨ ᠤ ᠳᠦᠷᠤᠯᠭᠢ ᠶᠢᠨ ᠠᠪᠢᠶᠠᠰ ᠪᠠ ᠳᠤᠷ᠎ᠠ ᠪᠠᠬ᠎ᠠ ᠪᠠᠢ᠌ᠵᠤ᠂ ᠳᠡᠭᠡᠷ᠎ᠡ ᠨᠢ ᠪᠠᠰᠠ ᠬᠤᠵᠢᠮ ᠤᠨ ᠵᠤᠷᠢᠯᠭ᠎ᠠ ᠲᠡᠶ ᠰᠠᠳᠭᠢᠮᠵᠢ ᠴᠢᠷᠮᠠᠢ᠌ᠯᠭ᠎ᠠ ᠥᠢᠯᠳᠦᠯᠭᠡ ᠡᠴᠠ ᠰᠠᠯᠵᠤ ᠪᠣᠯᠤᠰᠢ ᠦᠭᠡᠶ᠃ ᠪᠠᠰᠠ ᠭᠡᠯᠡᠪᠠᠯ ᠭᠦᠮᠤᠨ ᠪᠦᠭᠦᠡᠨ ᠭᠤᠸ᠎ᠠ ᠳᠠᠭᠠᠰᠢᠶᠠᠯ ᠴᠤ ᠠᠳᠠᠯᠢ ᠪᠣᠰᠤ ᠪᠠᠢ᠌ᠳᠠᠭ ᠪᠣᠯᠪᠠᠴᠤ ᠣᠷᠠᠯᠢᠭ ᠭᠤᠶᠤ ᠶᠠᠭᠤᠮᠠᠨ ᠤ ᠳᠤᠬᠠᠢ ᠣᠯᠠᠩᠭᠢ ᠭᠦᠮᠦᠰ ᠤᠨ ᠦᠵᠡᠯᠳᠠ ᠳᠦᠷᠦᠭ᠍ᠳᠡᠯ ᠬᠠᠰᠢᠯᠠ ᠨᠢᠭᠡᠳᠴᠦ ᠪᠠᠢ᠌ᠳᠠᠭ᠃ ᠬᠤᠯᠠ ᠶᠢ ᠶᠠᠷᠢᠬᠤ ᠦᠭᠡᠶ ᠪᠠᠷ ᠬᠠᠵᠠᠭᠤ ᠳᠡᠷᠭᠡᠳᠡ ᠡᠴᠠ ᠵᠢᠱᠢᠶᠠᠯᠠᠪᠠᠯ ᠮᠠᠨ ᠤ ᠰᠤᠨᠢᠨ ᠳ᠋ᠠᠭᠢ ᠰᠠᠢ᠌ᠨ ᠵᠤᠬᠢᠶᠠᠯ ᠭᠤᠶᠤ ᠵᠢᠷᠤᠭ ᠪᠣᠶᠤ ᠡᠪᠳᠡᠢ ᠲᠦᠰᠤᠪᠯᠠᠵᠤ ᠳᠤᠭᠢᠷᠠᠭᠤᠯᠤᠭᠰᠠᠨ ᠰᠤᠨᠢᠨ ᠤ ᠨᠢᠭᠤᠷ ᠢ ᠥᠵᠡᠭᠡᠳ ᠯᠠ ᠭᠦᠮᠦᠰ ᠲᠤ ᠳᠠᠢ᠌ᠮᠤ ᠠᠮᠤᠷ ᠳᠠᠭᠠᠳᠠᠢ ᠳᠦᠷᠦᠭ᠍ᠳᠡᠯ ᠥᠭ᠍ᠴᠤ ᠭᠤᠸ᠎ᠠ ᠰᠠᠢ᠌ᠬᠠᠨ ᠤ ᠭᠦᠷᠳᠡᠭᠡᠯ ᠣᠯᠭᠤᠬᠤ ᠶᠢ ᠠᠯᠢ ᠶᠢ ᠨᠢ ᠳᠠᠷᠠ ᠭᠡᠭᠦ ᠪᠢᠯᠠ᠃

ᠢᠩᠭᠢᠭᠡᠳ ᠭᠡᠯᠡᠪᠠᠯ ᠪᠢᠳᠠ ᠪᠦᠭᠦᠳᠡᠭᠡᠷ ᠣᠷᠠᠯᠢᠭᠴᠢᠨ ᠶᠤᠮ᠃ ᠦᠪᠡᠷ ᠤᠨ ᠬᠠᠮᠢᠶ᠎ᠠ ᠲᠡᠶ ᠠᠵᠢᠯ ᠠᠮᠢᠳᠤᠷᠠᠯ᠂ ᠠᠯᠢ ᠪᠦᠭᠦᠢ ᠪᠠᠨ ᠡᠪᠳᠡᠢ ᠡᠵᠡᠩᠨᠡᠭᠦ ᠡᠵᠡᠨ ᠨᠢ ᠪᠢᠯᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠢᠤᠢ ᠯᠠᠨ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 13973
ᠴᠠᠭ᠄ 2011 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ