☆ ᠪᠠᠶᠡᠷᠴᠡᠴᠡᠭ᠌
ᠪᠢ ᠶᠠᠭᠤᠨ ᠳᠤ ᠢᠩᠭᠢᠭᠡ ᠪᠣᠢ ︖
ᠦᠬᠢᠨ ᠪᠣᠯᠬᠤ ᠭᠤᠶᠤ ᠵᠠᠶᠠᠭ᠎ᠠ ᠵᠢ
ᠣᠴᠢᠷ ᠦᠭᠡᠶ ᠭᠦᠮᠤᠨ ᠪᠦᠭᠦᠨ ᠡᠳ᠋ᠯᠡᠳᠡᠭ᠌ ᠪᠢᠰᠢ ᠴᠤ
ᠡᠵᠢ ᠡᠴᠠ ᠳᠦᠷᠦᠭ᠍ᠰᠡᠨ ᠳᠠᠷᠠ ᠡᠳᠦᠷ ᠡᠴᠠ ᠪᠢ
ᠡᠩᠨᠡᠭᠡ ᠳ᠋ᠤᠨᠢ ᠡᠪᠳᠡᠢ ᠠᠯᠬᠤᠯᠵᠤ ᠪᠢᠯᠠ᠃
ᠢᠯᠭᠠᠬᠤ ᠴᠢᠬᠤᠯᠠ ᠦᠭᠡᠶ ᠭᠡᠵᠤ ᠪᠢᠳᠡᠭᠡᠢ ᠭᠡᠯᠡ
ᠢᠯᠭᠠᠭᠳᠠᠬᠤ ᠦᠭᠡᠶ ᠨᠢ ᠪᠠᠰᠠ ᠣᠯᠠᠰᠢᠷᠠᠵᠤ ᠪᠠᠢ᠌ᠨ᠎ᠠ ᠰᠢᠤ
ᠰᠤᠷᠤᠭᠴᠢ ᠪᠣᠯᠬᠤ ᠰᠠᠢ᠌ᠬᠠᠨ ᠠᠮᠢᠳᠤᠷᠠᠯ ᠢ
ᠰᠤᠷᠤᠮᠳᠤᠭᠠᠢ ᠭᠦᠮᠤᠨ ᠯᠠ ᠥᠩᠭᠡᠷᠡᠭᠦᠯᠳᠡᠭ᠌ ᠪᠢᠰᠢ ᠪᠠᠢ᠌ᠵᠠᠢ
ᠪᠠᠭ᠎ᠠ ᠡᠴᠠ ᠪᠠᠨ ᠮᠠᠩᠬᠤ ᠪᠢ ᠴᠤ ᠭᠡᠰᠡᠨ
ᠪᠠᠭ ᠲᠤᠨᠢ ᠪᠠᠭᠳᠠᠵᠤ ᠡᠳᠦᠢ ᠪᠣᠯᠤᠯ᠎ᠠ᠃
ᠳᠠᠷᠤᠤ ᠭᠡᠵᠤ ᠨᠠᠳᠠ ᠶᠢ ᠪᠣᠤ ᠪᠣᠳᠤᠭᠠᠷᠠᠢ
ᠳᠠᠩᠳᠠ ᠱᠠᠭᠠᠷᠳᠠᠳᠠᠭ ᠨᠢ ᠡᠨᠡ ᠡᠰᠡ ᠪᠢᠯᠢᠤ
ᠡᠭᠦᠷ ᠤᠨ ᠡᠭᠡᠴᠢᠨᠡᠷ ᠪᠠᠭᠠᠷ ᠲᠤ ᠶᠠᠪᠣᠯ᠎ᠠ
ᠡᠭᠦᠪᠠᠷ ᠳᠡᠭᠦᠪᠠᠷ ᠭᠦᠮᠦᠰ ᠱᠤᠤᠭᠢᠯᠳᠤᠯᠠ
ᠴᠠᠭᠠᠨ᠎ᠠ ᠨᠢ ᠪᠢ ᠴᠢᠨᠢ ᠭᠡᠷ ᠤᠨ ᠪᠣᠯᠤᠩ ᠳ᠋ᠤ
ᠴᠠᠭᠠᠨ ᠭᠡᠷᠡᠮ ᠢ ᠰᠢᠷᠳᠠᠨ ᠭᠡᠪᠳᠡᠯ᠎ᠡ
ᠭᠠᠭᠴᠠ ᠭᠡᠵᠤ ᠨᠠᠳᠠ ᠶᠢ ᠪᠣᠤ ᠭᠦᠭᠡᠷᠦᠭᠦᠢᠯᠡᠭᠡᠴᠢ
ᠭᠠᠭᠴᠠ ᠳᠠᠷᠠ ᠮᠠᠷᠭᠠᠰᠢ ᠶᠢᠨ ᠠᠯᠪᠠ ᠶᠢᠨ ᠲᠦᠯᠦᠭᠡ
ᠣᠬᠠᠭᠠᠨ ᠰᠤᠷᠢᠬᠤ ᠨᠠᠭᠠᠳᠤᠮ ᠤᠨ ᠬᠤᠷᠠᠯ ᠳᠤ
ᠣᠯᠠᠨ ᠭᠦᠮᠦᠰ ᠣᠢ᠌ᠮᠠᠯᠳᠤᠨ ᠴᠤᠭᠯᠠᠷᠠᠯ᠎ᠠ
ᠣᠤᠯ ᠨᠢ ᠪᠢ ᠯᠠ ᠰᠡᠳᠬᠢᠯ ᠳᠠᠳᠠᠭᠳᠠᠬᠤ ᠥᠭᠡᠢ
ᠣᠴᠢᠭᠠᠤᠨ ᠵᠠᠬ᠎ᠠ ᠡᠴᠠ ᠨᠢ ᠬᠠᠷᠢᠭᠰᠠᠨ ᠪᠠᠢ᠌ᠵᠠᠢ᠃
ᠠᠵᠢᠭ ᠦᠭᠡᠶ ᠭᠡᠵᠤ ᠨᠠᠳᠠ ᠶᠢ ᠪᠣᠤ ᠪᠠᠰᠤᠭᠠᠷᠠᠢ
ᠠᠳᠭᠠᠬᠤ ᠦᠭᠡᠶ ᠪᠠᠷ ᠪᠢ ᠶᠠᠭᠠᠭᠢᠵᠤ ᠳᠠᠪᠰᠢᠨ᠎ᠠ ᠪᠣᠢ
ᠪᠢ ᠶᠠᠭᠤᠨ ᠳᠤ ᠢᠩᠭᠢᠭᠡ ᠪᠣᠢ᠂ ᠪᠢ ᠶᠠᠭᠤᠨ ᠳᠤ ᠢᠩᠭᠢᠭᠡ ᠪᠣᠢ
ᠶᠠᠭ ᠯᠠ ᠦᠪᠡᠷ ᠲᠡᠶ ᠪᠠᠨ ᠦᠰᠢᠶ᠎ᠠ ᠲᠡᠶ ᠶᠤᠮ ᠰᠢᠭ᠌
ᠶᠠᠭᠤᠨ ᠳᠤ ᠭᠡᠵᠤ ᠣᠴᠢᠷ ᠢ ᠨᠢ ᠣᠬᠤᠴᠢᠯᠠᠪᠠᠯ
ᠶᠠᠭᠠᠷᠠᠯᠳᠠᠢ ᠬᠤᠪᠢᠷᠠᠬᠤ ᠨᠡᠢ᠌ᠭᠡᠮ ᠯᠠ ᠪᠠᠢ᠌ᠵᠠᠢ᠃
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠪᠠᠭᠰᠢ ᠶᠢᠨ ᠶᠡᠭᠡ ᠰᠤᠷᠭᠠᠭᠤᠯᠢ
ᠵᠤᠬᠢᠶᠠᠭᠴᠢ᠄ ᠪᠠᠶᠡᠷᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11622
ᠴᠠᠭ᠄ 2012 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ