ᠨᠡᠪᠲᠡᠷᠡᠨ ᠤᠷᠤᠬᠤ
ᠣᠷᠴᠢᠯᠠᠩ ᠳᠤ ᠭᠠᠭᠴᠠᠬᠠᠨ ᠳᠡᠷᠭᠡᠯ ᠨᠠᠷᠠ

    1

ᠠᠮᠢ ᠨᠠᠰᠤ ᠪᠦᠭᠦᠨ ᠡᠷᠭᠡ ᠳᠡᠭ᠍ᠰᠢ ᠭᠡᠵᠤ

ᠨᠢᠭᠤᠷ ᠶᠢᠡᠨ ᠣᠯᠠᠢ᠌ᠯᠠᠭᠠᠭᠰᠠᠭᠠᠷ ᠨᠡᠭᠦᠳᠡᠯ ᠳᠤ ᠪᠠᠨ ᠴᠠᠭᠠᠷᠠᠨ᠎ᠠ

ᠰᠦᠨ ᠦᠨᠡᠳᠠᠢ ᠭᠡᠷᠡᠯ ᠶᠢᠡᠨ ᠰᠢᠪᠬᠠᠭᠰᠠᠭᠠᠷ

ᠰᠠᠷᠠᠨ ᠤ ᠪᠦᠱᠦᠭᠦᠷᠭᠡᠯ ᠳᠤ ᠦᠨᠡᠨ ᠳᠠᠷᠤᠤᠬᠠᠨ ᠵᠠᠢ᠌ᠮᠤᠨ ᠮᠦᠰᠢᠶᠠᠨ᠎ᠡ

    2

ᠡᠵᠢ ᠶᠢᠨ ᠳᠠᠭᠤᠯᠠᠭᠰᠠᠨ ᠳᠠᠭᠤᠤ ᠰᠢᠭ

ᠡᠭᠡᠰᠢᠭ᠌ ᠨᠢ ᠵᠡᠭᠦᠳᠤᠨ ᠳᠤ ᠢᠨᠢᠶᠠᠨ᠎ᠡ

ᠠᠪᠣ ᠶᠢᠨ ᠪᠢᠴᠢᠭ᠍ᠰᠡᠨ ᠦᠰᠦᠭ᠌ ᠰᠢᠭ᠌

ᠠᠶᠤᠤᠯᠢᠬᠠᠢ ᠴᠡᠭᠡᠵᠢᠨ ᠳᠤ ᠭᠡᠷᠡᠯᠳᠤᠨ᠎ᠡ

    3

ᠣᠷᠴᠢᠯᠠᠩ ᠤᠨ ᠣᠷᠭᠤᠭᠠᠤᠨ ᠣᠷᠭᠤᠭᠠᠤᠨ ᠢᠷᠡᠳᠡᠭ᠌ ᠭᠠᠯ ᠢᠯᠴᠢ

ᠣᠭᠤ ᠰᠠᠢ᠌ᠬᠠᠨ ᠠᠷᠠᠳᠴᠢᠯᠠᠯ ᠤᠨ ᠪᠦᠮᠪᠤᠷᠬᠡᠨ ᠳᠦᠭᠦᠷᠢᠭ᠌ ᠶᠤᠰᠤ

ᠬᠤᠯᠠ ᠶᠠᠪᠣᠵᠤ ᠣᠯᠠᠨ ᠢ ᠦᠵᠡᠭ᠍ᠰᠡᠨ ᠭᠦᠭᠡ ᠳᠡᠭ᠍ᠷᠢ ᠶᠢᠨ ᠮᠠᠯᠮᠠᠢ

ᠬᠤᠩᠰᠢᠶᠠᠷ ᠣᠷᠤᠯᠳᠤᠬᠤ ᠦᠭᠡᠶ ᠴᠤ ᠳᠤᠳᠤᠭᠠᠳᠤ ᠭᠡᠯᠡ ᠳᠠᠢ

ᠭᠦᠮᠤᠨ ᠤ ᠬᠠᠢ᠌ᠷ᠎ᠠ ᠶᠢᠨ ᠳᠡᠷᠭᠡᠯᠭᠡᠨ ᠰᠥᠰᠦᠭ᠌ ᠤᠨ ᠪᠠᠶᠠᠰᠤᠯ ᠁

    4

ᠦᠪᠡᠷ ᠭᠢ ᠳᠤ ᠪᠠᠨ ᠬᠠᠢ᠌ᠷᠠᠳᠠᠢ ᠪᠦᠭᠦᠨ ᠴᠤ

ᠳᠠᠨ ᠤ ᠬᠠᠢ᠌ᠷ᠎ᠠ ᠶᠢ ᠮᠠᠳᠠᠷᠠᠨ᠎ᠡ

ᠠᠮᠢᠳᠤᠷᠠᠯ ᠳᠤ ᠪᠠᠨ ᠳᠤᠷᠠᠳᠠᠢ ᠪᠦᠭᠦᠨ ᠴᠤ

ᠳᠠᠨ ᠤ ᠵᠢᠷᠤᠭ ᠢ ᠰᠤᠨᠢᠷᠬᠠᠨ᠎ᠠ

    5

ᠵᠡᠭᠦᠳᠤᠨ ᠤ ᠴᠢᠰᠤ ᠶᠢ ᠠᠰᠠᠬᠠᠭᠰᠠᠨ

ᠠᠭᠤᠯᠠᠨ ᠤ ᠬᠠᠳᠠᠨ ᠤ ᠵᠥᠭᠡᠯᠡᠨ ᠦᠨᠢᠶᠠᠷ ᠮᠢᠨᠢ

ᠵᠢᠷᠦᠭᠡᠨ ᠤ ᠭᠤᠤᠯ ᠢ ᠳᠦᠷᠡᠯᠵᠢᠭᠦᠯᠦᠭ᠍ᠰᠡᠨ

ᠮᠦᠷᠠᠨ ᠤ ᠳᠤᠯᠭᠢᠶᠠᠨ ᠤ ᠴᠠᠭᠠᠨ ᠳᠤᠶᠠᠭ᠎ᠠ ᠮᠢᠨᠢ ᠁

    6

ᠡᠭᠦᠯᠡᠰ ᠭᠦᠭᠯᠡᠷᠡᠨ᠎ᠡ ᠭᠦᠭᠯᠡᠷᠡᠨ᠎ᠡ

ᠪᠦᠷᠭᠦᠭ᠌ ᠨᠢ ᠬᠠᠶᠠ ᠦᠨᠡᠨ ᠵᠦᠪ

ᠴᠡᠴᠡᠭᠡᠰ ᠳᠡᠯᠭᠡᠷᠡᠨ᠎ᠡ ᠳᠡᠯᠭᠡᠷᠡᠨ᠎ᠡ

ᠵᠤᠯᠭᠠᠷᠠᠬᠤ ᠨᠢ ᠬᠠᠶᠠ ᠶᠠᠭ ᠶᠤᠰᠤ


ᠬᠤᠷ᠎ᠠ ᠰᠢᠪᠠᠷᠠᠨ᠎ᠡ ᠰᠢᠪᠠᠷᠠᠨ᠎ᠡ

ᠭᠦᠢᠳᠡᠷᠡᠭᠦ ᠨᠢ ᠬᠠᠶᠠ ᠵᠦᠪ

ᠬᠤᠷᠤᠰᠤᠯ ᠬᠤᠭᠤᠰᠤᠷᠠᠨ᠎ᠠ ᠬᠤᠭᠤᠰᠤᠷᠠᠨ᠎ᠠ

ᠬᠠᠢ᠌ᠷᠠᠯᠠᠬᠤ ᠨᠢ ᠬᠠᠶᠠ ᠵᠦᠪ


ᠴᠠᠰᠤ ᠬᠠᠶᠠᠯᠠᠨ᠎ᠠ ᠬᠠᠶᠠᠯᠠᠨ᠎ᠠ

ᠠᠶᠠᠯᠠᠬᠤ ᠨᠢ ᠦᠨᠡᠨ ᠵᠦᠪ

ᠰᠦᠨᠢ ᠰᠠᠭᠠᠳᠠᠨ᠎ᠠ ᠰᠠᠭᠠᠳᠠᠨ᠎ᠠ

ᠰᠠᠭᠠᠷᠠᠬᠤ ᠦᠭᠡᠶ ᠨᠢ ᠬᠠᠶᠠ ᠶᠤᠰᠤ


ᠭᠡᠯᠡᠵᠤ ᠬᠠᠩᠬᠤ ᠦᠭᠡᠶ ᠥᠭᠡᠨ ᠳ᠋ᠤ

ᠪᠢ ᠶᠠᠭᠤᠨ ᠳᠤ ᠪᠠᠨ ᠳᠤᠷᠠᠯᠠᠨ᠎ᠠ ᠪᠣᠢ

ᠰᠢᠯᠦᠭᠯᠡᠵᠤ ᠪᠠᠷᠠᠬᠤ ᠦᠭᠡᠶ ᠰᠠᠳᠤᠪ ᠳᠤ

ᠪᠢ ᠶᠠᠭᠠᠭᠢᠬᠤ ᠳᠤ ᠪᠠᠨ ᠭᠦᠰᠡᠨ᠎ᠡ ᠪᠣᠢ ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12580
ᠴᠠᠭ᠄ 2012 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ