☆ ᠡᠰᠨᠢᠯ
ᠳᠠᠪᠢᠯᠠᠩ
ᠠᠰᠠᠷ ᠳᠠᠭᠳᠤ ᠳᠤ ᠵᠢᠷᠭᠠᠬᠤ ᠪᠠᠷ
ᠠᠪᠣ ᠡᠵᠢ ᠪᠠᠨ ᠳᠤᠷᠠᠰᠤᠨ᠎ᠠ
ᠠᠮᠠᠷᠠᠭ ᠬᠤᠶᠠᠷ ᠡᠶᠡᠰᠭᠦ ᠪᠠᠷ
ᠠᠩᠭ᠎ᠠ ᠳᠡᠭᠦᠤ ᠳᠤ ᠪᠠᠨ ᠵᠤᠪᠠᠨ᠎ᠠ
ᠡᠷᠪᠠᠢ ᠦᠷ᠎ᠡ ᠪᠠᠨ ᠪᠣᠳᠤᠬᠤ ᠪᠠᠷ
ᠢᠷᠡᠭᠡᠳᠦᠢ ᠶᠢᠨ ᠵᠠᠮ ᠵᠤᠷᠠᠢ᠌ᠨᠠ
ᠠᠵᠢᠯ ᠣᠢ᠌ᠯᠠᠰ ᠶᠢᠡᠨ ᠡᠷᠭᠢᠴᠡᠭᠦᠯᠭᠦ ᠪᠠᠷ
ᠠᠰᠢᠳᠠ ᠶᠢᠨ ᠵᠠᠶᠠᠭ᠎ᠠ ᠳᠠᠢ᠌ᠪᠣᠰᠢᠷᠠᠨᠠ
ᠠᠯᠳᠠᠨ ᠬᠤᠷᠸ᠎ᠠ ᠳᠤ ᠠᠮᠢᠳᠤ ᠭᠦᠮᠤᠨ
ᠠᠮᠤᠷ ᠳᠠᠢ᠌ᠪᠣᠩ ᠡᠳ᠋ᠯᠡᠬᠦ ᠦᠭᠡᠶ
ᠠᠯᠳᠠᠭ ᠣᠨᠤᠭ ᠮᠦᠴᠡ ᠳᠤᠰᠤᠮ
ᠠᠰ ᠤᠨ ᠪᠠᠶ᠎ᠠ ᠡᠴᠠ ᠡᠭᠦᠰᠤᠨ᠎ᠡ
ᠡᠵᠡᠨ ᠭᠢᠴᠢᠶᠠᠪᠠᠯ ᠵᠠᠶᠠᠭ᠎ᠠ ᠭᠢᠴᠢᠶᠡᠭᠡᠳ
ᠡᠨᠡ ᠪᠠᠶ᠎ᠠ ᠵᠢᠷᠭᠠᠨ᠎ᠠ
ᠡᠯᠳᠡᠪ ᠵᠣᠢ᠌ᠯ ᠤᠨ ᠣᠴᠠᠷᠠᠯ ᠲᠤᠬᠢᠶᠠᠯ
ᠡᠩ ᠶᠡᠷᠦᠮᠳᠡᠭ᠌ ᠳᠠᠢ᠌ᠯᠤᠭᠳᠠᠨ᠎ᠠ
ᠡ᠊ᠨᠳᠡᠭᠦᠤ ᠣᠰᠤᠯ ᠪᠠᠬᠠᠨ ᠵᠦᠷᠢᠪᠠᠯ
ᠦᠰᠤᠳ ᠥᠭᠡᠷ᠎ᠡ ᠪᠠᠷ ᠬᠤᠪᠢᠷᠠᠨ᠎ᠠ
ᠡᠭᠡᠯ ᠪᠠᠶ᠎ᠠ ᠶᠢᠨ ᠨᠢᠭᠡ ᠨᠠᠰᠤ
ᠡᠷᠡᠮᠳᠡᠭ᠌ ᠵᠡᠷᠡᠮᠳᠡᠭ᠌ ᠳᠠᠭᠤᠰᠤᠨ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2665
ᠴᠠᠭ᠄ 2013 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ