☆ ᠷᠠ᠊·ᠥᠯᠵᠡᠢ᠌ᠳᠡᠯᠭᠡᠷ
ᠨᠡᠭᠦᠳᠡᠯ
ᠬᠤᠨ ᠤ ᠴᠭᠠᠨ ᠨᠡᠭᠦᠳᠡᠯ
ᠨᠤᠳᠤᠭ ᠤᠨ ᠡᠯᠢᠭᠡᠨ ᠳᠤ ᠬᠤᠷᠤᠭᠳᠠᠨ
ᠮᠤᠩᠭ᠋ᠤᠯ ᠤᠨ ᠳᠠᠯ᠎ᠠ ᠳᠤ ᠵᠤᠰᠠᠪᠠ᠃
ᠨᠡᠭᠦᠳᠡᠯ ᠤᠨ ᠴᠡᠩᠭᠡᠷ ᠠᠶᠠᠨ
ᠳᠡᠭᠷᠢ ᠶᠢᠨ ᠬᠠᠶᠠᠭᠠᠨ ᠡᠴᠡ ᠥᠷᠭᠦᠯᠵᠢᠯᠡᠵᠤ
ᠳᠡᠷᠳᠡᠭᠡ ᠭᠢᠵᠠᠭᠠᠷ ᠢ ᠳᠤᠭᠤᠯᠪᠠ᠃
ᠨᠠᠭᠤᠷ ᠲᠤ ᠬᠤᠷᠤᠭᠳᠠᠭᠰᠠᠨ
ᠰᠢᠪᠠᠭᠤᠳ ᠨᠢ
ᠭᠦᠮᠦᠡᠴᠢ ᠬᠠᠢ᠌ᠷ᠎ᠠ ᠪᠠᠷ ᠳᠦᠯᠵᠢᠪᠠ᠃
ᠮᠤᠩᠭ᠋ᠤᠯ ᠮᠠᠯᠵᠢᠯ ᠤᠨ ᠠᠮᠢᠳᠤᠷᠠᠯ ᠨᠢ
ᠬᠠᠰᠠᠭ ᠳᠡᠷᠭᠡ ᠪᠠᠨ ᠴᠥᠷᠭᠦᠯᠡᠩᠰᠡᠭᠡᠷ
ᠬᠠᠭᠠᠨ ᠳᠠᠯ᠎ᠠ ᠶᠢ ᠦᠪᠴᠢ ᠪᠦᠷᠭᠦᠪᠡ᠃
ᠨᠡᠭᠦᠳᠡᠯ ᠣᠯᠠᠷᠢᠨ ᠣᠯᠠᠷᠢᠭᠰᠠᠭᠠᠷ
ᠰᠢᠨ᠎ᠡ ᠵᠠᠭᠤᠨ ᠢ ᠣᠭᠳᠤᠪᠠ᠃
ᠨᠡᠭᠦᠳᠡᠯ ᠤᠨ ᠳᠡᠦᠭᠡ ᠰᠢᠨ᠎ᠡ ᠬᠠᠭᠤᠳᠠᠰᠤ ᠪᠣᠯᠪᠠ᠃
ᠰᠠᠠᠰᠠᠷ ᠤᠨ ᠨᠢᠰᠦᠭ᠍ᠴᠢᠳ
ᠡᠭᠦᠯᠡ ᠰᠢᠯᠢᠨ ᠨᠡᠭᠦᠳᠡᠯᠡᠭ᠍ᠰᠡᠭᠡᠷ
ᠬᠠᠨ ᠳᠡᠯᠡᠭᠡᠢ ᠶᠢ ᠬᠠᠢ᠌ᠪᠠ᠃
ᠨᠡᠭᠦᠳᠡᠯ ᠤᠨ ᠰᠢᠡᠵᠢᠯᠡᠭᠡ ᠥᠷᠭᠦᠯᠵᠢᠯᠡᠭ᠍ᠰᠡᠭᠡᠷ
ᠵᠠᠭᠤᠨ ᠤ ᠭᠦᠷᠳᠤ ᠶᠢ ᠰᠢᠨᠡᠦᠭᠡᠭᠦ ᠳ᠋ᠤ
ᠭᠦᠤ ᠶᠢᠨ ᠪᠣᠳᠤᠯ ᠨᠡᠭᠦᠳᠡᠯᠡᠪᠡ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ
ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ