ᠨᠡᠪᠲᠡᠷᠡᠨ ᠤᠷᠤᠬᠤ
ᠨᠣᠢ᠌ᠷ ᠬᠤᠯᠵᠢᠭᠰᠠᠨ ᠦᠳᠡᠰᠢ

ᠨᠢᠭᠤᠴᠠᠬᠠᠨ ᠭᠤᠨᠢᠭ ᠲᠤ ᠭᠦᠳᠦᠯᠦᠭ᠍ᠳᠡᠨ

ᠨᠣᠢ᠌ᠷ ᠵᠢᠮ᠎ᠠ ᠪᠠᠨ ᠠᠯᠳᠠᠵᠤ

ᠨᠣᠢ᠌ᠳᠠᠨ ᠪᠣᠳᠤᠯ ᠲᠡᠶ ᠬᠠᠮᠳᠤ

ᠨᠦᠰᠠᠷ ᠨᠤᠷᠠᠨ᠎ᠠ

ᠨᠠᠮᠤᠷ ᠤᠨ ᠥᠩᠭᠡ ᠪᠠᠷ ᠰᠢᠷᠭᠠᠯᠳᠤᠭᠰᠠᠨ

ᠨᠠᠰᠤᠨ ᠤ ᠳᠠᠪᠠᠭᠠᠨ ᠳᠤ ᠪᠠᠨ

ᠨᠠᠷᠠᠳᠤ ᠶᠢᠨ ᠳᠠᠪᠢᠯᠠᠩ ᠢ

ᠨᠠᠢ᠌ᠷᠠᠭ ᠠᠢ᠌ᠷᠠᠭ ᠶᠢᠡᠷ ᠭᠡᠯᠭᠢᠨ᠎ᠡ

ᠰᠠᠪ ᠦᠭᠡᠶ ᠰᠡᠳᠭᠢᠯ ᠮᠢᠨᠢ

ᠰᠡᠵᠢᠭᠦᠷ ᠦᠭᠡᠶ ᠬᠠᠳᠠ ᠲᠡᠶ ᠮᠦᠷᠭᠦᠵᠤ

ᠰᠦᠪᠡ ᠪᠦᠷᠢ ᠡᠴᠠ ᠪᠠᠨ

ᠰᠦᠨ ᠴᠠᠭᠠᠨ ᠭᠡᠢ᠌ᠷᠭᠡᠯ ᠳᠤᠰᠤᠯᠭᠠᠨ᠎ᠠ

ᠰᠥᠭᠦᠷᠡᠭ᠍ᠰᠡᠨ ᠭᠠᠵᠠᠷ ᠡᠴᠠ ᠪᠠᠨ ᠦᠨᠳᠠᠢ᠌ᠨ ᠪᠣᠰᠬᠤ ᠳ᠋ᠤ

ᠰᠦᠷᠦᠭ᠌ ᠭᠡᠷᠢᠶ᠎ᠡ ᠳᠤᠯᠤᠭᠠᠢ ᠳᠡᠭᠡᠭᠦᠷ ᠡᠷᠭᠢᠴᠡᠨ᠎ᠡ

ᠰᠦᠨᠠᠰᠤ ᠭᠢᠯᠢᠰ ᠶᠢᠡᠷ ᠣᠷᠤᠩᠨᠠᠵᠤ

ᠰᠦᠨᠢ ᠶᠢᠨ ᠬᠠᠷᠠᠩᠭ᠋ᠤᠢ ᠳᠤ ᠳᠠᠮᠳᠠᠴᠢᠨ᠎ᠡ

ᠨᠣᠢ᠌ᠷ ᠵᠢᠮ᠎ᠠ ᠪᠠᠨ ᠠᠯᠳᠠᠯ᠎ᠠ

ᠨᠣᠢ᠌ᠳᠠᠨ ᠪᠣᠳᠤᠯ ᠪᠠᠶ᠎ᠠ ᠶᠢ ᠣᠷᠢᠶᠠᠯ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤ

ᠵᠤᠬᠢᠶᠠᠭᠴᠢ᠄ ᠡᠰᠡᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12079
ᠴᠠᠭ᠄ 2013 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ