ᠨᠡᠪᠲᠡᠷᠡᠨ ᠤᠷᠤᠬᠤ
ᠴᠢᠮᠡᠭᠡ ᠦᠭᠡᠶ ᠣᠨᠠᠬᠤ ᠴᠠᠰᠤ

ᠴᠢᠮᠡᠭᠡ ᠦᠭᠡᠶ ᠣᠨᠠᠬᠤ ᠴᠠᠰᠤ ᠨᠢ

ᠴᠢᠩ ᠬᠠᠢ᠌ᠷ᠎ᠠ ᠶᠢᠨ ᠴᠢᠨᠢ ᠰᠢᠪᠠᠨᠡᠭᠡ ᠶᠤᠮ ᠦᠦ︖

ᠴᠢᠨᠤᠵᠤ ᠮᠥᠷᠦᠭᠡᠳᠦᠭ᠍ᠰᠡᠨ ᠰᠠᠤᠠᠭᠢᠯ ᠤᠨ ᠴᠢᠨᠢ

ᠴᠠᠯᠭᠢᠵᠤ ᠪᠠᠭᠤᠭᠰᠠᠨ ᠬᠠᠢ᠌ᠷᠠᠯᠠᠯ ᠶᠤᠮ ᠦᠦ︖

ᠴᠢᠮ᠎ᠠ ᠳᠤ ᠪᠠᠨ ᠬᠠᠢ᠌ᠷᠠᠳᠠᠢ ᠭᠡᠵᠤ ᠴᠢ

ᠴᠠᠰᠤ ᠲᠡᠶ ᠪᠣᠯᠵᠤᠭᠠᠨ ᠳᠤ ᠪᠠᠨ ᠰᠢᠪᠠᠨᠡᠭᠦ ᠳᠤ

ᠴᠠᠰᠢ ᠪᠠᠨ ᠭᠦᠭᠡᠷᠦᠭᠦᠢ︕   ᠢᠴᠢᠭᠦ ᠪᠠᠢ᠌ᠯᠭᠦᠢ ᠭᠡᠵᠤ

ᠴᠠᠭᠠᠨ ᠴᠢᠯᠠᠭᠤᠰ

ᠴᠠᠰᠤᠨ ᠳᠤ ᠨᠢᠭᠤᠭᠳᠠᠨ᠎ᠠ︕

ᠴᠢᠮᠡᠭᠡ ᠦᠭᠡᠶ ᠣᠨᠠᠬᠤ ᠴᠠᠰᠤ ᠨᠢ

ᠴᠢᠭ᠍ᠴᠢ ᠬᠠᠢ᠌ᠷ᠎ᠠ ᠶᠢᠨ ᠮᠢᠨᠢ ᠦᠨᠦᠰᠤᠯ ᠶᠤᠮ ᠦᠦ︖

ᠴᠢᠮ᠎ᠠ ᠣᠷᠤᠭᠤ ᠴᠠᠷᠪᠠᠨ ᠳᠡᠷᠪᠠᠭ᠍ᠰᠡᠨ

ᠮᠢᠨᠤ ᠰᠠᠤᠠᠭᠢᠯ ᠤᠨ ᠳᠠᠯᠠᠪᠴᠢ ᠴᠤ ᠶᠤᠮ ᠦᠦ︖

ᠬᠤᠶᠠᠭᠤᠯᠠ ᠪᠠᠨ ᠠᠮᠢᠳᠤᠷᠠᠶ᠎ᠠ ᠭᠡᠵᠤ

ᠬᠤᠩᠭ᠋ᠤᠷ ᠰᠠᠤᠠᠭᠢᠯ ᠶᠢᠡᠨ ᠰᠢᠪᠠᠨᠡᠭᠦ ᠳᠤ

ᠦᠨᠡᠨ ᠳᠠᠢ᠌ᠮᠤ ᠪᠣᠯ ᠪᠤᠯᠵᠠᠢ︕   ᠭᠡᠵᠤ

ᠢᠨᠠᠭ ᠤᠨ ᠨᠠᠷᠠᠨ

ᠡᠭᠦᠯᠡᠨ ᠵᠠᠪᠰᠠᠷ ᠶᠢᠡᠷ ᠥᠩᠭᠡᠢ᠌ᠨ᠎ᠡ︕

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄ ᠰᠢᠯᠦᠭ
ᠳᠠᠷᠤᠮ᠄ 4427
ᠴᠠᠭ᠄ 2007 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ