☆ ᠴᠦ᠋᠊·ᠪᠣᠯᠤᠳᠪᠠᠳᠤ
ᠪᠠᠶᠠᠨ ᠦᠨᠳᠦᠷ ᠳᠡᠭᠡᠨ
ᠪᠣᠷᠬᠠᠨ ᠬᠠᠯᠳᠤᠨ ᠨᠢ ᠮᠢᠨᠢ ᠰᠠᠯᠳᠠᠷ
ᠪᠣᠭᠤᠷᠤᠯ ᠳᠡᠦᠭᠡ ᠶᠢᠨ ᠮᠢᠨᠢ ᠳᠤᠮᠤᠭ
ᠪᠠᠶᠠᠨ ᠦᠨᠳᠦᠷ ᠲᠡᠭᠡᠨ ᠪᠢ ᠰᠥᠭᠦᠳᠡᠯᠡ
ᠪᠠᠢ᠌ᠳᠠᠭ ᠴᠢᠳᠠᠯ ᠶᠢᠡᠷ ᠶᠢᠡᠨ ᠪᠢ ᠮᠥᠷᠭᠦᠯ᠎ᠡ︕
ᠮᠥᠷᠭᠦᠯ᠎ᠡ ᠪᠢ ᠰᠥᠭᠦᠳᠡᠯᠡ ᠪᠢ
ᠰᠥᠭᠦᠮ ᠪᠠᠶ᠎ᠠ ᠪᠠᠨ ᠰᠤᠨᠠᠳᠠᠯᠠ
ᠰᠥᠰᠦᠭ᠌ ᠪᠢᠰᠢᠷᠠᠯ ᠶᠢᠡᠨ ᠳᠠᠭᠠᠳᠬᠠᠯ᠎ᠠ︕
ᠠᠳᠬᠤ ᠣᠯᠠᠭᠠᠨ ᠵᠢᠷᠦᠭᠡ ᠪᠠᠨ
ᠳᠡᠯᠭᠡᠵᠤ ᠪᠠᠢ᠌ᠭᠠᠤᠨ ᠰᠥᠭᠦᠳᠡᠯᠡ ᠪᠢ
ᠠᠯᠳᠠᠷ ᠵᠠᠩᠭ᠋ᠠᠷ ᠤᠨ ᠳᠤᠤᠯᠢ ᠵᠢ
ᠬᠠᠢ᠌ᠯᠠᠵᠤ ᠪᠠᠢ᠌ᠭᠠᠤᠨ ᠮᠥᠷᠭᠦᠯ᠎ᠡ ᠪᠢ︕
ᠡᠨ᠂ ᠪᠣᠷᠬᠠᠨ ᠠᠭᠤᠯᠠ ᠪᠠᠶᠠᠨ ᠦᠨᠳᠦᠷ ᠮᠢᠨᠢ
ᠴᠥᠭᠦ᠂ ᠬᠠᠢ᠌ᠷᠠᠬᠠᠨ︕ ᠬᠤᠷᠤᠢ ᠬᠤᠷᠤᠢ︕
ᠠᠷᠪᠠᠨ ᠳᠦᠷᠪᠡᠨ ᠰᠤᠮᠤᠨ ᠨᠢ ᠮᠢᠨᠢ ᠳᠠᠭᠢᠯ
ᠠᠷᠤ ᠶᠡᠭᠡ ᠬᠤᠪᠣᠭᠰᠠᠢ᠌ᠷᠢ ᠶᠢᠨ ᠮᠢᠨᠢ ᠰᠠᠭᠢᠭᠤᠯ
ᠪᠠᠶᠠᠨ ᠦᠨᠳᠦᠷ ᠲᠡᠭᠡᠨ ᠪᠢ ᠰᠥᠭᠦᠳᠡᠯᠡ
ᠪᠠᠷᠠᠭᠠᠨ ᠤ ᠭᠠᠵᠠᠷ ᠡᠴᠡ ᠪᠢ ᠮᠥᠷᠭᠦᠯ᠎ᠡ︕
ᠮᠥᠷᠭᠦᠯ᠎ᠡ ᠪᠢ ᠰᠥᠭᠦᠳᠡᠯᠡ ᠪᠢ
ᠰᠠᠪᠠᠳᠠᠭ ᠰᠢᠪᠠᠳᠡᠭ᠌ ᠨᠢ ᠳᠠᠨᠢ᠌ᠳᠠᠯᠠ
ᠰᠠᠪᠠᠨ ᠰᠠᠪᠠᠨ ᠣᠨᠠᠯ᠎ᠠ ᠪᠢ
ᠰᠠᠨᠠᠭ᠎ᠠ ᠰᠡᠳᠭᠢᠯ ᠶᠢᠡᠨ ᠠᠭᠤᠳᠠᠯᠠᠵᠤ
ᠵᠢᠦᠡᠭᠦᠨ ᠵᠢᠦᠡᠭᠦᠨ ᠰᠥᠭᠦᠳᠡᠯᠡ ᠪᠢ
ᠰᠠᠢ᠌ᠷᠢ ᠶᠢᠨ ᠠᠭᠤᠯᠠ ᠶᠢᠨ ᠠᠯᠳᠠᠷ ᠢ
ᠳᠠᠭᠤᠳᠠᠨ ᠪᠠᠢ᠌ᠵᠤ ᠮᠥᠷᠭᠦᠯ᠎ᠡ ᠪᠢ
ᠡᠨ᠂ ᠠᠷᠢᠶ᠎ᠠ ᠰᠠᠮᠫᠢᠯ ᠳᠤᠷᠵᠢ ᠴᠤᠭᠤᠳᠤᠪ ᠮᠢᠨᠢ
ᠴᠥᠭᠦ᠂ ᠬᠠᠢ᠌ᠷᠠᠬᠠᠨ︕ ᠬᠤᠷᠤᠢ ᠬᠤᠷᠤᠢ︕
ᠳᠤᠤᠯᠢ ᠵᠠᠩᠭ᠋ᠠᠷ ᠤᠨ ᠮᠢᠨᠢ ᠳᠠᠰᠤᠷᠬᠠᠢ ᠭᠡᠵᠤ
ᠳᠡᠦᠭᠡ ᠱᠠᠰᠳᠢᠷ ᠤᠨ ᠥᠭᠦᠷᠭᠡᠢ ᠭᠡᠵᠤ
ᠪᠠᠶᠠᠨ ᠦᠨᠳᠦᠷ ᠲᠡᠭᠡᠨ ᠪᠢ ᠰᠥᠭᠦᠳᠡᠯᠡ
ᠪᠠᠶᠠᠨ ᠭᠦᠩᠭᠡᠢ ᠶᠢᠨ ᠰᠢᠭ᠌ ᠮᠥᠷᠭᠦᠯ᠎ᠡ︕
ᠮᠥᠷᠭᠦᠯ᠎ᠡ ᠪᠢ ᠰᠥᠭᠦᠳᠡᠯᠡ ᠪᠢ
ᠵᠠᠩᠭ᠋ᠠᠷ ᠠᠳᠤᠭᠤᠳ ᠤᠨ ᠳᠤᠷᠤᠭᠤ ᠡᠴᠡ
ᠮᠦᠷᠳᠤᠷᠴᠤ ᠣᠨᠠᠭᠰᠠᠨ ᠭᠡᠵᠤ ᠪᠢ ᠪᠢᠰᠢᠷᠠᠯ᠎ᠠ︕
ᠳᠦᠷᠪᠡᠨ ᠠᠯᠳᠠ ᠵᠠᠠᠽᠠᠨ ᠳ᠋ᠤᠨᠢ
ᠭᠡᠢ ᠮᠤᠷᠢ ᠳᠡᠯᠰᠡᠭᠡᠵᠤ ᠰᠥᠭᠦᠳᠡᠯᠡ ᠪᠢ
ᠳᠦᠷᠪᠡᠨ ᠵᠥᠭ᠌ ᠤᠨ ᠣᠪᠣᠭ᠎ᠠ ᠡᠴᠡ
ᠭᠡᠰᠢᠭ᠌ ᠪᠣᠶ᠎ᠠ ᠬᠤᠷᠣᠢ᠌ᠯᠠᠵᠤ ᠮᠥᠷᠭᠦᠯ᠎ᠡ ᠪᠢ︕
ᠡᠨ᠂ ᠴᠠᠭᠰᠢᠪ᠂ ᠭᠤᠠᠴᠢᠭ ᠰᠤᠮᠤ ᠮᠢᠨᠢ
ᠴᠥᠭᠦ᠂ ᠬᠠᠢ᠌ᠷᠠᠬᠠᠨ︕ ᠬᠤᠷᠤᠢ ᠬᠤᠷᠤᠢ︕
2009.6.18
ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2009 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ