ᠨᠡᠪᠲᠡᠷᠡᠨ ᠤᠷᠤᠬᠤ
ᠭᠡᠷᠡᠭ᠌ ᠦᠭᠡᠶ ᠪᠦᠭᠦᠨ ᠤ ᠲᠦᠯᠦᠭᠡ ᠭᠤᠨᠢᠵᠤ ᠶᠠᠪᠣᠬᠤ ᠶᠢᠨ ᠠᠯᠳᠠᠰ

ᠬᠠᠢ᠌ᠯᠠᠵᠤ ᠳᠡᠭ᠍ᠷᠢ ᠶᠢᠨ ᠳᠠᠭᠤᠤ ᠪᠠᠷ ᠣᠶᠠᠷᠠᠵᠤ  

ᠬᠠᠯᠢᠬᠤ ᠳᠠᠰ ᠢ ᠣᠮᠠᠷᠳᠠᠭᠰᠠᠨ ᠦᠶ᠎ᠡ  

         ᠪᠢ ᠴᠥᠭᠦᠷᠡᠨ  

ᠪᠣᠰᠤᠭ᠎ᠠ ᠶᠠᠪᠣᠭᠰᠠᠨ ᠡᠷ᠎ᠡ ᠬᠠᠷ᠎ᠠ ᠭᠢᠳᠠᠯ  

ᠪᠣᠰᠤᠳ ᠤᠨ ᠨᠢᠳᠤᠨ ᠳᠤ ᠣᠨᠠᠵᠤ ᠶᠠᠪᠣᠬᠤ  

         ᠶᠠᠳᠠᠷ ᠨᠤᠮᠤᠢ  

ᠨᠠᠳᠠ ᠳᠤ ᠭᠡᠷᠡᠭ᠌ ᠥᠭᠡᠢ  

  

ᠪᠣᠭᠤᠨᠢᠬᠠᠨ ᠡᠳᠦᠷ ᠴᠤ ᠳᠦᠷᠦᠭᠡ ᠴᠢᠯᠠᠵᠤ  

ᠪᠣᠷᠤ ᠰᠦᠨᠢ ᠨᠢ ᠥᠯᠢᠭᠡᠷ ᠠᠰᠬᠠᠵᠤ ᠬᠤᠨᠤᠭᠰᠠᠨ  

ᠡᠷᠡᠮᠡᠭ᠌ ᠪᠣᠷᠤᠭᠵᠢᠭᠤᠨ ᠵᠢᠷᠦᠭᠡᠨ ᠳᠠᠯ᠎ᠠ ᠶᠢᠨ ᠮᠤᠩᠭ᠋ᠤᠯ  

ᠮᠢᠨᠤ ᠰᠡᠳᠭᠢᠯ ᠳᠤ ᠣᠨᠠᠵᠤ ᠯᠠ ᠵᠥᠭ᠍ᠰᠢᠷᠡᠳᠡᠭ᠌ ᠪᠠᠢ᠌ᠭᠰᠠᠨ  

          ᠡᠩᠬᠡ ᠲᠦᠪᠰᠢᠨ ᠡᠭᠡ ᠣᠷᠤᠨ ᠤ ᠮᠢᠨᠢ ᠵᠠᠢ  

ᠮᠠᠨ ᠳᠤ ᠭᠡᠷᠡᠭ᠍ᠳᠡᠢ  

  

ᠨᠥᠭᠡᠴᠢᠯᠡᠵᠤ ᠶᠠᠪᠣᠭᠰᠠᠨ ᠠᠯᠳᠠᠩᠬᠠᠨ ᠬᠤᠷᠤᠮ ᠵᠢᠠᠨ  

ᠪᠢᠳᠠ ᠪᠣᠩᠬᠤᠯᠠᠬᠤ ᠶᠤᠰᠤ ᠥᠭᠡᠢ  

ᠨᠦᠷᠢᠵᠤ ᠠᠬᠠᠳᠠᠮᠠᠷ ᠳᠠᠮᠠᠢ ᠶᠡᠭᠡ ᠪᠠᠯᠠᠢ ᠳ᠋ᠤ  

      ᠪᠢᠳᠠ ᠶᠤᠤᠯᠠᠬᠤ ᠥᠭᠡᠢ  

ᠶᠡᠭᠡ ᠳᠠᠯᠠᠢ ᠶᠢ ᠠᠮᠠᠳᠠᠵᠤ  

      ᠵᠤᠰᠠᠭᠠᠯ ᠪᠠᠭᠤᠭᠰᠠᠨ ᠴᠤ ᠶᠠᠭᠠᠭᠢᠬᠤ ᠪᠣᠢ  

ᠢᠷᠡᠭᠦ ᠮᠦᠴᠡ ᠪᠠᠷ ᠠᠮᠵᠢᠵᠤ

      ᠭᠤᠳᠤᠯ ᠤᠨ ᠮᠦᠷ ᠣᠷᠭᠤᠭᠰᠠᠨ  

          ᠭᠤᠯᠤᠮᠳᠠ ᠶᠢᠨ ᠪᠠᠭᠤᠴᠠ ᠲᠡᠶ ᠴᠢᠯᠠᠭᠤᠵᠢᠯ  

ᠢᠨᠢᠶᠠᠵᠤ ᠪᠠᠢ᠌ᠵᠤ  

      ᠶᠡᠭᠡ ᠶᠤᠰᠤᠨ ᠢ ᠭᠡᠯᠡᠭᠦ ᠳ᠋ᠠ  

  

  


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂   ᠣᠩᠨᠢᠭᠤᠳ᠂   ᠬᠠᠳᠠᠳᠤ

ᠵᠤᠬᠢᠶᠠᠭᠴᠢ᠄ ᠪᠣᠶᠠᠠᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ