☆ ᠨᠣ᠊·ᠴᠢᠯᠠᠭᠤᠠᠪᠠᠭᠠᠨ᠎ᠠ
ᠨᠠᠮᠤᠷ ᠤᠨ ᠪᠣᠷᠤᠭ᠎ᠠ
ᠵᠤᠨ ᠤ ᠭᠠᠩ ᠢ ᠳᠠᠢ᠌ᠯᠬᠤ ᠭᠡᠵᠤ
ᠨᠠᠮᠤᠷ ᠤᠨ ᠪᠣᠷᠤᠭ᠎ᠠ ᠱᠠᠭᠠᠭᠢᠨᠠ᠂
ᠵᠤᠯᠭᠠᠷᠠᠭᠰᠠᠨ ᠨᠠᠪᠴᠢ ᠶᠢ ᠬᠠᠢ᠌ᠷᠠᠯᠠᠬᠤ ᠭᠡᠵᠤ
ᠨᠠᠮᠤᠷ ᠤᠨ ᠪᠣᠷᠤᠭ᠎ᠠ ᠵᠦᠰᠠᠷᠠᠨᠡ᠃
ᠲ᠋ᠡᠯᠭᠡᠵᠤ ᠠᠮᠵᠢᠭᠰᠠᠨ ᠦᠭᠡᠶ ᠨᠠᠪᠴᠢ᠂
ᠭᠤᠶᠤᠯᠠᠵᠤ ᠴᠢᠳᠠᠭᠰᠠᠨ ᠦᠭᠡᠶ ᠴᠡᠴᠡᠭ᠌ ᠨᠡᠭᠡᠵᠤ
ᠲ᠋ᠡᠯᠡᠭᠡᠢ᠌ᠷᠡᠵᠤ ᠭᠦᠢᠴᠡᠭ᠍ᠰᠡᠨ ᠦᠭᠡᠶ ᠵᠤᠨ
ᠭᠤᠭᠴᠤᠭᠠᠷᠠᠵᠤ ᠵᠠᠪᠳᠤᠭᠰᠠᠨ ᠦᠭᠡᠶ ᠡᠭᠦᠯᠡ ᠭᠤᠮᠤᠳᠠᠭᠠᠨ
ᠰᠠᠢ᠌ᠬᠠᠨ ᠣᠯᠠᠷᠢᠯ ᠰᠠᠢ᠌ᠷᠠᠵᠤ ᠣᠳᠬᠤ ᠳ᠋ᠤ
ᠦᠷᠢ ᠳᠤ ᠳᠠᠷᠤᠭᠳᠠᠵᠤ᠂ ᠥᠭ᠍ᠴᠡᠭᠡ ᠳᠤ ᠪᠠᠷᠢᠭᠳᠠᠭᠰᠠᠨ
ᠨᠠᠮᠤᠷ ᠤᠨ ᠪᠣᠷᠤᠭᠠᠨ ᠭᠦᠢᠳᠡᠨ ᠳᠤᠰᠤᠯᠠᠨ᠎ᠠ᠃
ᠭᠦᠷᠦᠰᠤ ᠰᠢᠷᠤᠢ ᠢᠯᠴᠢ ᠨᠢ ᠬᠠᠷᠢᠵᠤ
ᠭᠦᠭᠡᠮᠳᠦᠭ᠌ ᠠᠭᠤᠯᠠᠰ ᠵᠢᠰᠤ ᠪᠠᠭᠤᠷᠠᠭᠰᠠᠨ
ᠡᠨᠡᠦᠭᠡᠨ ᠣᠯᠠᠷᠢᠯ ᠶᠢᠡᠷ
ᠪᠣᠷᠤᠭᠠᠨ ᠤ ᠳᠤᠰᠤᠯ᠂ ᠪᠣᠷᠬᠠᠨ ᠤ ᠠᠳᠢᠰᠤ ᠪᠠᠢ᠌ᠭᠰᠠᠨ ᠴᠤ
ᠪᠣᠮ ᠲᠦᠮᠡᠨ ᠴᠡᠴᠡᠭᠡᠰ
ᠡᠪᠦᠯ ᠤᠨ ᠺᠤᠯᠤᠨᠢ ᠳᠤ ᠣᠷᠤᠵᠠᠢ᠃
ᠭᠤᠶᠤᠭᠠᠤᠨ ᠪᠦᠳᠦᠭ᠍ᠰᠡᠨ ᠦᠭᠡᠶ ᠣᠷᠤᠭ
ᠬᠠᠢ᠌ᠷᠠᠯᠠᠭᠠᠤᠨ ᠮᠡᠳᠡᠷᠡᠭ᠍ᠳᠡᠭ᠍ᠰᠡᠨ ᠦᠭᠡᠶ ᠢᠨᠠᠭ
ᠪᠢᠴᠢᠭᠡᠳ ᠨᠡᠢ᠌ᠳᠡᠯᠡᠭ᠍ᠳᠡᠭ᠍ᠰᠡᠨ ᠦᠭᠡᠶ ᠰᠢᠯᠦᠭ᠌
ᠨᠠᠰᠠᠷᠠᠵᠤ ᠪᠠᠭᠤᠬᠤ
ᠨᠡᠭᠡᠵᠤ ᠱᠠᠭᠠᠭᠢᠬᠤ
ᠨᠠᠮᠤᠷ ᠤᠨ ᠪᠣᠷᠤᠭ᠎ᠠ ᠡᠴᠠ
ᠬᠠᠷᠢᠭᠤᠯᠳᠠ ᠪᠠᠨ ᠣᠯᠵᠤ
ᠶᠤᠰᠤᠵᠢᠨᠠ᠂
ᠶᠠᠰᠤᠵᠢᠨᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠪᠠᠭᠠᠷᠢᠨ
ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ