☆ ᠳ᠋·ᠲᠦᠮᠡᠠᠰᠠᠩ
ᠠᠶᠠᠭ᠎ᠠ ᠬᠠᠭᠠᠷᠠᠬᠤ ᠳ᠋ᠤ
ᠠᠶᠤᠩᠭ᠋᠎ᠠ ᠳᠤᠤᠭᠠᠷᠬᠤ ᠳᠤ ᠭᠠᠵᠠᠷ ᠳᠤᠯᠭᠢᠰᠤᠨᠠ
ᠠᠶᠠᠭ᠎ᠠ ᠬᠠᠭᠠᠷᠠᠬᠤ ᠳᠤ ᠵᠢᠷᠦᠭᠡ ᠳᠤᠯᠭᠢᠰᠤᠨᠠ
ᠠᠶᠤᠵᠤ ᠪᠦᠯᠳᠡᠭᠡᠨᠡᠭ᠍ᠰᠡᠨ ᠬᠡᠦᠬᠡᠳ ᠤᠨ ᠨᠢᠳᠤᠨ ᠡᠴᠡ
ᠨᠢᠯᠪᠣᠰᠤ ᠲᠡᠶ ᠥᠯᠢᠭᠡᠷ ᠣᠷᠤᠰᠤᠨ᠎ᠠ
ᠠᠢ᠌ᠯ ᠭᠡᠷ ᠤᠨ ᠪᠦᠳᠤᠨ ᠡᠯᠢᠭᠡ
ᠨᠠᠷᠠ ᠲᠡᠶ ᠡᠳᠦᠷ ᠶᠢᠡᠷ ᠡᠮᠵᠡᠭᠯᠡᠨ᠎ᠡ
ᠬᠠᠷᠠᠮᠰᠠᠯ ᠤᠨ ᠠᠶᠠᠯᠭᠤ ᠶᠢ ᠳᠡᠭᠦᠭᠦ ᠳᠤ
ᠭᠠᠷ ᠤᠨ ᠬᠤᠷᠤᠭᠤ ᠡᠰᠭᠡᠭ᠍ᠳᠡᠨᠡ
ᠬᠠᠵᠠᠭᠠᠢ ᠴᠠᠯᠠᠭᠠᠢ ᠣᠨ ᠰᠠᠷ᠎ᠠ
ᠡᠨᠡᠦᠭᠡᠨ ᠬᠤᠷᠤᠮ ᠨᠡᠭᠡᠭ᠍ᠳᠡᠨᠡ
ᠬᠠᠭᠠᠷᠬᠠᠢ ᠶᠢ ᠡᠪᠯᠡᠭᠦᠯᠵᠤ ᠳᠤᠭᠯᠠᠭᠰᠠᠨ
ᠪᠠᠭ᠎ᠠ ᠶᠢᠨ ᠨᠠᠰᠤ ᠡᠷᠢᠭ᠍ᠳᠡᠨ᠎ᠡ
ᠬᠠᠳᠠᠭᠤ ᠨᠢ ᠳᠡᠩᠳᠡᠭ᠍ᠰᠡᠨ ᠠᠯᠠᠭᠠᠨ ᠳᠡᠭᠡᠷ᠎ᠡ
ᠣᠬᠠᠭᠠᠨ ᠤ ᠭᠡ ᠡᠷᠢᠶᠡᠡᠳᠦᠨᠡ
ᠵᠤᠬᠢᠶᠠᠭᠴᠢ ᠶᠢᠨ ᠬᠠᠶᠢᠭ ᠄ ᠣᠯᠠᠭᠠᠠᠭᠳᠠ ᠬᠤᠳᠠ ᠶᠢᠨ ᠠᠷᠤ ᠬᠤᠷᠴᠢᠨ ᠬᠤᠰᠢᠭᠤ
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2009 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ