ᠨᠡᠪᠲᠡᠷᠡᠨ ᠤᠷᠤᠬᠤ
ᠨᠢᠭᠡᠳᠦᠭᠡᠷ ᠣᠨ ᠳᠤ ᠳᠡᠪᠢᠰᠭᠡᠷ ᠥᠰᠦᠭ᠌ ᠢ ᠵᠢᠭᠠᠭᠰᠠᠨ ᠡᠷᠭᠢᠴᠡᠭᠦᠯᠦᠯ

ᠳᠡᠪᠢᠰᠭᠡᠷ ᠥᠰᠦᠭ᠌ ᠪᠣᠯ ᠦᠶ᠎ᠡ ᠶᠢᠨ ᠳᠤᠤᠷ᠎ᠠ ᠳᠡᠪᠢᠰᠭᠡᠷᠯᠡᠨ ᠣᠷᠤᠳᠠᠭ ᠶᠠᠮᠠᠷ ᠴᠤ ᠣᠤᠠᠬ᠎ᠠ ᠦᠭᠡᠶ ᠥᠰᠦᠭ᠌ ᠪᠣᠯᠬᠤᠷ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠤ ᠰᠤᠷᠤᠭᠴᠢᠳ ᠲᠤ ᠵᠢᠭᠠᠨ ᠰᠤᠷᠭᠠᠬᠤ ᠳᠤ ᠳᠤᠩ ᠭᠦᠴᠢᠷᠳᠡᠯᠳᠡᠢ ᠠᠭᠤᠯᠭ᠎ᠠ ᠪᠣᠯᠬᠤ ᠶᠤᠮ᠃ ᠡᠢ᠌ᠮᠤ ᠡᠴᠡ ᠪᠠᠭᠰᠢ ᠡᠴᠡ ᠵᠢᠭᠠᠨ ᠰᠤᠷᠭᠠᠬᠤ ᠳᠤ ᠪᠠᠨ ᠪᠠᠭ᠎ᠠ ᠬᠡᠦᠬᠡᠳ ᠤᠨ ᠣᠠᠴᠠᠯᠢᠭ ᠪᠠ ᠭᠦᠯᠢᠶᠡᠨ ᠠᠪᠬᠤ ᠴᠢᠳᠠᠪᠣᠷᠢ ᠳᠤ ᠨᠢ ᠳᠤᠭᠢᠷᠠᠭᠤᠯᠤᠨ ᠠᠳᠠᠯᠢᠤᠠᠬᠠᠨ ᠬᠠᠷᠢᠴᠠᠭᠤᠯᠬᠤ ᠵᠡᠷᠭᠡ ᠠᠷᠭ᠎ᠠ ᠶᠢ ᠠᠪᠴᠤ ᠠᠮᠢᠳᠤᠯᠢᠭ ᠵᠢᠭᠠᠪᠠᠯ ᠰᠠ‍‌ᠶᠢ ᠥᠰᠦᠭᠯᠡᠯ ᠤᠨ ᠪᠣᠭᠤᠮᠳᠠ ᠶᠢ ᠠᠮᠠᠷᠬᠠᠨ ᠳᠠᠪᠠᠵᠤ ᠳᠡᠢ᠌ᠯᠭᠦ ᠶᠤᠮ᠃ ᠳᠤᠤᠷ᠎ᠠ ᠪᠢ ᠨᠢᠭᠡᠳᠦᠭᠡᠷ ᠣᠨ ᠤ ᠰᠤᠷᠤᠭᠴᠢᠳ ᠲᠤ ᠳᠡᠪᠢᠰᠭᠡᠷ ᠥᠰᠦᠭ᠌ ᠢ ᠵᠢᠭᠠᠭᠰᠠᠨ ᠳᠤᠬᠠᠢ ᠡᠷᠭᠢᠴᠡᠭᠦᠯᠦᠯ ᠭᠢᠶ᠎ᠠ᠃

ᠨᠢᠭᠡ᠂ ᠣᠩᠰᠢᠯᠭ᠎ᠠ ᠶᠢᠨ ᠢᠯᠭᠠᠭ᠎ᠠ ᠶᠢ ᠮᠡᠳᠡᠭᠦᠯᠵᠤ ᠵᠦᠪ ᠣᠩᠰᠢᠭᠤᠯᠵᠤ ᠰᠤᠷᠭᠠᠬᠤ

ᠶᠠᠭᠤᠨ ᠤ ᠡᠮᠦᠨ᠎ᠡ ᠥᠭᠡ ᠰᠤᠨᠤᠰᠬᠠᠵᠤ ᠳᠡᠪᠢᠰᠭᠡᠷ ᠥᠰᠦᠭ᠌ ᠢ ᠡᠷᠢᠭᠦ ᠠᠷᠭ᠎ᠠ ᠪᠠᠷ ᠣᠭᠳᠤᠪᠣᠷᠢ ᠡᠭᠡᠰᠢᠭ᠌ ᠲᠡᠶ ᠣᠩᠰᠢᠬᠤ ᠶᠢ ᠴᠢᠬᠤᠯᠠᠴᠢᠯᠠᠨ ᠮᠡᠳᠡᠭᠦᠯᠦᠨ᠎ᠡ᠃ ᠳᠠᠷᠠᠭ᠎ᠠ ᠨᠢ ᠪᠠᠭᠰᠢ ᠡᠴᠡ ᠠᠮᠠᠨ ᠤ ᠭᠦᠳᠡᠯᠭᠡᠭᠡᠨ ᠶᠢᠡᠨ ᠥᠵᠡᠭᠦᠯᠵᠤ ᠳᠠᠭᠠᠭᠤᠯᠤᠨ ᠣᠩᠰᠢᠭᠤᠯᠤᠨ᠎ᠠ᠃ ᠵᠢᠱᠢᠶᠠᠯᠠᠪᠠᠯ ᠄ 《᠊ᠨ》 en ᠳᠡᠪᠢᠰᠭᠡᠷ ᠭᠡᠵᠢᠭᠡ ᠣᠷᠭᠤᠪᠠᠯ 《᠊ᠮ》 em ᠳᠡᠪᠢᠰᠭᠡᠷ ᠭᠡᠵᠤ ᠣᠩᠰᠢᠨ᠎ᠠ᠃ 《᠊ᠮ》 ᠳᠡᠪᠢᠰᠭᠡᠷ ᠭᠡᠵᠢᠭᠡ ᠪᠠᠨ ᠠᠪᠣᠪᠠᠯ 《᠊ᠨ》 ᠳᠡᠪᠢᠰᠭᠡᠷ ᠪᠣᠯᠴᠢᠬᠠᠨ᠎ᠠ ᠭᠡᠭᠦ ᠮᠠᠳᠤ ᠪᠠᠷ ᠠᠮᠢᠳᠤᠯᠢᠭ ᠳᠠᠨᠢᠭᠤᠯᠵᠤ ᠢᠯᠭᠠᠭ᠎ᠠ ᠲᠡᠶ ᠣᠩᠰᠢᠭᠤᠯᠵᠤ ᠰᠤᠷᠭᠠᠨ᠎ᠠ᠃

ᠬᠤᠶᠠᠷ᠂ ᠳᠡᠪᠢᠰᠭᠡᠷ ᠥᠰᠦᠭ᠌ ᠢ ᠡᠭᠡᠰᠢᠭ᠌ ᠳᠤᠯᠤᠭᠠᠨ ᠥᠰᠦᠭ᠌ ᠲᠤ ᠵᠠᠯᠭᠠᠨ ᠦᠶ᠎ᠡ ᠪᠣᠯᠭᠠᠨ ᠡᠵᠡᠮᠰᠢᠭᠦᠯᠭᠦ

ᠲ᠋ᠡᠪᠢᠰᠭᠡᠷ ᠥᠰᠦᠭ᠌ ᠢ ᠦᠶ᠎ᠡ ᠪᠠ ᠥᠭᠡ ᠶᠢᠨ ᠳᠤᠮᠳᠠ ᠳᠠᠨᠢᠭᠤᠯᠵᠤ ᠰᠤᠷᠭᠠᠪᠠᠯ ᠰᠠ‍‌ᠶᠢ ᠪᠠᠳᠤᠳᠠᠢ ᠡᠵᠡᠮᠰᠢᠭᠦᠯᠵᠤ ᠴᠢᠳᠠᠬᠤ ᠶᠤᠮ᠃ ᠵᠢᠱᠢᠶᠠᠯᠠᠪᠠᠯ ᠄ 《ᠡᠪᠠᠦᠡᠴᠢᠯᠡᠪᠠᠯ ᠡᠮ ᠣᠤᠭᠤᠨ᠎ᠠ》 ᠭᠡᠳᠡᠭ᠌ ᠤᠨ 《ᠡᠮ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠪᠢᠳᠠ ᠨᠢᠭᠡᠳᠦᠭᠡᠷ ᠣᠨ ᠤ ᠰᠤᠷᠤᠭᠴᠢ ᠪᠣᠯᠤᠯ᠎ᠠ》 ᠭᠡᠳᠡᠭ᠌ ᠤᠨ《ᠣᠨ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠡᠨᠡ ᠨᠤᠮ ᠢ ᠠᠪ》 ᠭᠡᠳᠡᠭ᠌ ᠤᠨ《ᠠᠪ》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ 《ᠪᠢᠷ ᠢ ᠨᠢ ᠥᠭ᠌》 ᠭᠡᠳᠡᠭ᠌ ᠤᠨ 《ᠥᠭ᠌》 ᠭᠡᠭᠦ ᠥᠭᠡ ᠶᠢᠨ ᠠᠳᠠᠭ ᠲᠤ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ᠭᠡᠭᠦ ᠮᠠᠳᠤ ᠪᠠᠷ ᠰᠤᠷᠤᠭᠴᠢ ᠪᠠᠷ ᠢᠯᠭᠠᠭᠤᠯᠪᠠᠯ 《᠊ᠮ ᠊ᠨ ᠊ᠪ ᠊ᠭ᠌》 ᠭᠡᠭᠦ ᠮᠠᠳᠤᠴᠢᠯᠠᠨ ᠳᠡᠪᠢᠰᠭᠡᠷ ᠥᠰᠦᠭ᠌ ᠢ ᠢᠯᠭᠠᠨ ᠮᠠᠳᠠᠵᠤ ᠯᠠᠪᠳᠠᠭᠤᠨ ᠪᠠᠳᠤᠳᠠᠢ ᠳᠠᠨᠢᠵᠤ ᠴᠢᠳᠠᠬᠤ ᠶᠤᠮ᠃

ᠭᠤᠷᠪᠠ᠂ ᠳᠡᠪᠢᠰᠭᠡᠷ ᠥᠰᠦᠭ᠌ ᠤᠨ ᠳᠤᠮᠳᠠ ᠣᠷᠤᠬᠤ ᠳᠦᠷᠰᠦ ᠶᠢ᠌ ᠠᠮᠢᠳᠤᠯᠢᠭ ᠳᠠᠨᠢᠭᠤᠯᠬᠤ

1᠂ ᠠᠳᠠᠭ ᠲᠤ ᠣᠷᠤᠬᠤ ᠳᠦᠷᠰᠦ ᠲᠡᠶ ᠠᠳᠠᠯᠢᠤᠠᠬᠠᠨ ᠬᠠᠷᠢᠴᠠᠭᠤᠯᠵᠤ ᠳᠠᠨᠢᠭᠤᠯᠬᠤ

ᠵᠢᠱᠢᠶᠠᠯᠠᠪᠠᠯ ᠄ ᠠᠳᠠᠭ ᠲᠤ ᠣᠷᠤᠬᠤ 《᠊ᠨ》 en ᠳᠡᠪᠢᠰᠭᠡᠷ ᠤᠨ ᠣᠷᠭᠢᠴᠠ ᠰᠡᠭᠦᠯ ᠨᠢ ᠠᠴᠤᠭ ᠨᠢᠷᠤᠭᠤ ᠬᠤᠪᠢᠯᠪᠠᠯ ᠳᠤᠮᠳᠠ ᠣᠷᠤᠬᠤ 《᠊ᠠ᠊》 en ᠳᠡᠪᠢᠰᠭᠡᠷ ᠪᠣᠯᠤᠨ᠎ᠠ᠃ ᠠᠳᠠᠭ ᠲᠤ ᠣᠷᠤᠬᠤ 《᠊ᠯ》 el ᠳᠡᠪᠢᠰᠭᠡᠷ ᠤᠨ ᠡᠷᠳᠡᠭᠡᠷ ᠰᠡᠭᠦᠯ ᠨᠢ ᠠᠴᠤᠭ ᠨᠢᠷᠤᠭᠤ ᠬᠤᠪᠢᠯᠵᠤ ᠡᠪᠠᠷ ᠣᠷᠭᠤᠪᠠᠯ ᠳᠤᠮᠳᠠ ᠣᠷᠤᠬᠤ 《᠊ᠯ᠊》 el ᠳᠡᠪᠢᠰᠭᠡᠷ ᠪᠣᠯᠤᠨ᠎ᠠ᠃ ᠠᠳᠠᠭ ᠲᠤ ᠣᠷᠤᠬᠤ 《᠊ᠪ》 eb ᠳᠡᠪᠢᠰᠭᠡᠷ ᠤᠨ ᠣᠷᠤᠭᠰᠢᠯᠠᠭ᠎ᠠ ᠨᠢ ᠨᠢᠷᠤᠭᠤ ᠬᠤᠪᠢᠯᠪᠠᠯ ᠳᠤᠮᠳᠠ ᠣᠷᠤᠬᠤ 《᠊ᠪ᠊》 eb ᠳᠡᠪᠢᠰᠭᠡᠷ ᠪᠣᠯᠤᠨ᠎ᠠ ᠭᠡᠭᠦ ᠮᠠᠳᠤ ᠪᠠᠷ ᠳᠠᠨᠢᠭᠤᠯᠪᠠᠯ ᠰᠤᠷᠤᠭᠴᠢᠳ ᠣᠷᠮ᠎ᠠ ᠪᠠᠬ᠎ᠠ ᠲᠡᠶ ᠪᠠᠷ ᠯᠠᠪᠳᠠᠭᠤᠨ ᠡᠵᠡᠮᠰᠢᠵᠤ ᠴᠢᠳᠠᠬᠤ ᠶᠤᠮ᠃

2᠂ ᠳᠤᠮᠳᠠ ᠣᠷᠤᠬᠤ ᠳᠦᠷᠰᠦ ᠶᠢ ᠬᠤᠭᠤᠷᠤᠠᠳᠤ ᠨᠢ ᠠᠳᠠᠯᠢᠤᠠᠬᠠᠨ ᠬᠠᠷᠢᠴᠠᠭᠤᠯᠵᠤ ᠮᠡᠳᠡᠭᠦᠯᠭᠦ

ᠵᠢᠱᠢᠶᠠᠯᠠᠪᠠᠯ ᠄ 《᠊ᠠ᠊》 en ᠳᠡᠪᠢᠰᠭᠡᠷ ᠭᠡᠵᠢᠭᠡ ᠣᠷᠭᠤᠪᠠᠯ 《᠊ᠮ᠊》 em ᠳᠡᠪᠢᠰᠭᠡᠷ ᠪᠣᠯᠵᠤ᠂ ᠡᠪᠠᠷ ᠣᠷᠭᠤᠪᠠᠯ 《᠊ᠯ᠊》 el ᠳᠡᠪᠢᠰᠭᠡᠷ ᠪᠣᠯᠵᠤ ᠭᠡᠵᠢᠭᠡ ᠪᠣᠶᠤ ᠡᠪᠠᠷ ᠨᠢ ᠣᠨᠠᠪᠠᠯ 《᠊ᠠ᠊》 ᠳᠡᠪᠢᠰᠭᠡᠷ ᠪᠣᠯᠤᠨ᠎ᠠ ᠭᠡᠭᠦ ᠮᠠᠳᠤᠴᠢᠯᠠᠨ ᠳᠠᠨᠢᠭᠤᠯᠬᠤ ᠨᠢ ᠥᠭᠦᠮᠡᠯ ᠶᠢᠡᠷ ᠣᠯᠠᠠᠳᠠ ᠣᠩᠰᠢᠭᠤᠯᠵᠤ ᠪᠢᠴᠢᠭᠦᠯᠭᠦ ᠡᠴᠡ ᠦᠷ᠎ᠡ ᠪᠦᠳᠦᠮᠵᠢ ᠪᠠᠷ ᠰᠠᠢ᠌ᠨ ᠪᠠᠢ᠌ᠳᠠᠭ ᠶᠤᠮ᠃

3. ᠳᠠᠩ ᠥᠭᠡ ᠶᠢᠨ ᠳᠤᠮᠳᠠ ᠡᠴᠡ ᠡᠷᠢᠭᠦ ᠠᠷᠭ᠎ᠠ ᠪᠠᠷ ᠳᠠᠨᠢᠭᠤᠯᠵᠤ ᠡᠵᠡᠮᠰᠢᠭᠦᠯᠭᠦ

ᠵᠢᠱᠢᠶᠠᠯᠠᠪᠠᠯ ᠄ 《ᠡᠮᠴᠢ》 ᠭᠡᠭᠦ ᠥᠭᠡ ᠶᠢᠨ 《ᠡ᠊》 ᠪᠣᠯᠤᠨ 《᠊ᠴᠢ》 ᠶᠢᠨ ᠳᠤᠮᠳᠠ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ ᠭᠡᠪᠠᠯ ᠰᠤᠷᠤᠭᠴᠢᠳ 《᠊ᠮ᠊》 em ᠭᠡᠵᠤ ᠰᠤᠨᠤᠰᠳᠠᠵᠤ ᠪᠠᠢ᠌ᠨ᠎ᠠ ᠭᠡᠵᠤ᠂ 《ᠪᠠᠭᠰᠢ》 ᠭᠡᠭᠦ ᠥᠭᠡ ᠶᠢᠨ《ᠪᠠ᠊》 ᠪᠣᠯᠤᠨ 《᠊ᠰᠢ》 ᠶᠢᠨ ᠳᠤᠮᠳᠠ ᠶᠠᠮᠠᠷ ᠠᠪᠢᠶ᠎ᠠ ᠰᠤᠨᠤᠰᠳᠠᠵᠤ ᠪᠠᠢ᠌ᠬᠤ ᠪᠣᠢ ︖ ᠭᠡᠪᠠᠯ ᠰᠤᠷᠤᠭᠴᠢᠳ 《᠊ᠭ᠊》 ag ᠭᠡᠵᠤ ᠰᠤᠨᠤᠰᠳᠠᠵᠤ ᠪᠠᠢ᠌ᠨ᠎ᠠ ᠭᠡᠵᠤ ᠡᠷᠢᠵᠤ ᠭᠠᠷᠭᠠᠪᠠᠯ ᠪᠠᠭᠰᠢ ᠡᠴᠡ ᠥᠩᠭᠡᠳᠤ ᠣᠸ᠎ᠠ ᠶᠢᠨ ᠪᠢᠷ ᠶᠢᠡᠷ ᠳᠡᠮᠳᠡᠭᠯᠡᠨ ᠡᠨᠡ ᠪᠣᠯ ᠳᠤᠮᠳᠠ ᠣᠷᠤᠬᠤ 《᠊ᠮ᠊》 em ᠳᠡᠪᠢᠰᠭᠡᠷ᠂ ᠳᠤᠮᠳᠠ ᠣᠷᠤᠬᠤ 《᠊ᠭ᠊》 agᠲ᠋ᠡᠪᠢᠰᠭᠡᠷ ᠮᠦᠨ ᠭᠡᠵᠤ ᠳᠠᠨᠢᠭᠤᠯᠤᠨ᠎ᠠ᠃ ᠡᠨᠡ ᠨᠢ ᠮᠦᠨ ᠴᠤ ᠠᠮᠢᠳᠤᠯᠢᠭ ᠡᠵᠡᠮᠰᠢᠭᠦ ᠳᠤ ᠠᠰᠢᠭᠳᠠᠢ ᠶᠤᠮ᠃

ᠳᠦᠷᠪᠡ᠂ ᠳᠡᠪᠢᠰᠭᠡᠷ ᠥᠰᠦᠭ᠌ ᠢ ᠵᠦᠪ ᠪᠢᠴᠢᠭᠦᠯᠵᠤ ᠰᠤᠷᠭᠠᠬᠤ

1᠂ 《᠊ᠨ》 ᠪᠠ 《᠊ᠯ》 ᠢ ᠬᠠᠷᠢᠴᠠᠭᠤᠯᠵᠤ ᠵᠢᠯᠤᠭᠤᠳᠤᠨ ᠵᠦᠪ ᠪᠢᠴᠢᠭᠦᠯᠦᠨ᠎ᠡ᠃ 《᠊ᠨ》 ᠳᠡᠪᠢᠰᠭᠡᠷ ᠪᠣᠯ ᠣᠷᠭᠢᠴᠠ ᠰᠡᠭᠦᠯ᠂ 《᠊ᠯ》 ᠳᠡᠪᠢᠰᠭᠡᠷ ᠪᠣᠯ ᠡᠷᠳᠡᠭᠡᠷ ᠰᠡᠭᠦᠯ᠃ 《᠊ᠨ》 ᠳᠡᠪᠢᠰᠭᠡᠷ ᠤᠨ ᠨᠢᠷᠤᠭᠤ ᠨᠢ ᠣᠷᠳᠤ ᠰᠢᠭ᠂ ᠰᠡᠭᠦᠯ ᠨᠢ ᠳᠤᠭᠤᠷᠢᠭ ᠭᠡᠯᠪᠠᠷᠢ ᠪᠠᠷ ᠠᠷᠤᠠᠰᠢ ᠪᠠᠨ ᠳᠦᠷᠢᠨ᠎ᠠ᠃ 《᠊ᠯ》 ᠳᠡᠪᠢᠰᠭᠡᠷ ᠤᠨ ᠨᠢᠷᠤᠭᠤ ᠨᠢ ᠣᠬᠤᠷ ᠪᠦᠭᠡᠳ ᠪᠠᠭ᠎ᠠ ᠣᠷᠤᠭᠰᠢ ᠳᠦᠷᠢᠭ᠍ᠰᠡᠨ ᠪᠠᠢ᠌ᠳᠠᠯ ᠲᠡᠶ᠃ ᠰᠡᠭᠦᠯ ᠨᠢ ᠨᠢᠷᠤᠭᠤ ᠲᠡᠶ ᠪᠠᠨ ᠥᠡᠴᠦᠭ᠌ ᠭᠠᠷᠤᠨ ᠠᠷᠤᠠᠰᠢ ᠡᠷᠭᠢᠨ᠎ᠡ᠃ ᠰᠡᠭᠦᠯ ᠤᠨ ᠥᠵᠦᠭᠦᠷ ᠨᠢ ᠳᠡᠭᠡᠭ᠍ᠰᠢ ᠮᠠᠳᠠᠭᠰᠠᠨ ᠭᠡᠯᠪᠠᠷᠢ ᠲᠡᠶ᠃

2᠂ 《᠊ᠩ》 ᠳᠡᠪᠢᠰᠭᠡᠷ ᠪᠣᠯ ᠬᠤᠶᠠᠷ ᠠᠴᠤᠭ ᠤᠨ ᠳᠤᠤᠷ᠎ᠠ ᠣᠷᠤᠭᠰᠢᠯᠠᠭ᠎ᠠ ᠲᠡᠶ ᠭᠠᠷ ᠪᠢᠴᠢᠮᠠᠯ᠃ ᠳᠤᠮᠳᠠ ᠣᠷᠤᠬᠤ 《᠊ᠠ᠊》 ᠢ ᠳᠠᠩ ᠶᠢᠡᠷ ᠪᠢᠴᠢᠭᠦ ᠳᠤ ᠨᠢᠷᠤᠭᠤ ᠶᠢ ᠳᠢᠳᠢᠮ ᠪᠣᠯᠭᠠᠨ ᠪᠣᠷᠤᠭᠤ ᠪᠢᠴᠢᠭᠦ ᠶᠢ ᠣᠠᠴᠠ ᠠᠩᠬᠠᠷᠤᠭᠤᠯᠤᠨ᠎ᠠ᠃ 《ᠣᠠ᠊》 ᠢ ᠪᠢᠴᠢᠭᠦ ᠳᠤ ᠠᠴᠤᠭ ᠢ ᠣᠷᠳᠤ ᠰᠢᠭ᠌ ᠪᠢᠴᠢᠪᠠᠯ 《ᠦ᠊》 ᠰᠢᠭ᠌ ᠪᠣᠯᠬᠤ ᠶᠢ ᠠᠩᠬᠠᠷᠤᠭᠤᠯᠤᠨ᠎ᠠ᠃

3᠂ ᠳᠡᠪᠢᠰᠭᠡᠷ ᠥᠰᠦᠭ᠌ ᠨᠢ ᠦᠶ᠎ᠡ ᠶᠢᠨ ᠡᠭᠢᠨ ᠳᠤ ᠣᠷᠤᠳᠠᠭ ᠦᠭᠡᠶ᠃ ᠦᠶ᠎ᠡ ᠶᠢᠨ ᠲ᠋ᠤᠮᠳᠠ ᠣᠷᠤᠬᠤ ᠳᠤ ᠪᠠᠨ ᠨᠢᠷᠤᠭᠤ ᠪᠠᠷ ᠡᠭᠢᠯᠡᠵᠤ ᠨᠢᠷᠤᠭᠤ ᠪᠠᠷ ᠳᠡᠭᠦᠰᠦᠨ᠎ᠡ᠃ ᠦᠶ᠎ᠡ ᠶᠢᠨ ᠠᠳᠠᠭ ᠲᠤ ᠣᠷᠤᠬᠤ ᠳᠤ ᠪᠠᠨ ᠨᠢᠷᠤᠭᠤ ᠪᠠᠷ ᠡᠭᠢᠯᠡᠵᠤ ᠣᠷᠤᠭᠰᠢᠯᠠᠭ᠎ᠠ ᠪᠣᠶᠤ ᠰᠡᠭᠦᠯ ᠶᠢᠡᠷ ᠳᠡᠭᠦᠰᠦᠨ᠎ᠡ ᠭᠡᠳᠡᠭ᠌ ᠢ ᠳᠤᠳᠤᠷᠬᠠᠢ ᠮᠡᠳᠡᠭᠦᠯᠦᠨ᠎ᠡ᠃

4᠂ ᠳᠡᠪᠢᠰᠭᠡᠷ ᠥᠰᠦᠭ᠌ ᠢ ᠪᠢᠴᠢᠭᠦᠯᠵᠤ ᠰᠤᠷᠭᠠᠬᠤ ᠳᠤ ᠡᠷᠭᠡᠪᠰᠢ ᠵᠢᠷᠤᠯᠭ᠎ᠠ ᠶᠢᠨ ᠨᠠᠷᠠᠢ᠌ᠳᠤᠯ ᠪᠠ ᠵᠢᠷᠤᠯᠭ᠎ᠠ ᠶᠢᠨ ᠳᠦᠷᠢᠮ ᠢ ᠵᠠᠪᠠᠯ ᠮᠡᠳᠡᠭᠦᠯᠦᠨ᠎ᠡ᠃ ᠵᠢᠱᠢᠶᠠᠯᠠᠪᠠᠯ ᠄ 《᠊ᠪ》 ᠊᠊᠊᠊ ᠨᠢᠷᠤᠭᠤ᠂ ᠪᠠᠮᠪᠠᠭᠠᠷ᠂ ᠣᠷᠤᠭᠰᠢᠯᠠᠭ᠎ᠠ᠃ ᠠᠳᠠᠭ ᠲᠤ ᠣᠷᠤᠬᠤ eb᠃ 《᠊ᠭ》 ᠊᠊᠊᠊ ᠨᠢᠷᠤᠭᠤ᠂ ᠠᠴᠤᠭ᠂ ᠪᠠᠭ᠎ᠠ ᠣᠷᠭᠢᠴᠠ᠃ ᠠᠳᠠᠭ ᠲᠤ ᠣᠷᠤᠬᠤ ag ᠭᠡᠭᠦ ᠮᠠᠳᠤᠴᠢᠯᠠᠨ ᠵᠢᠷᠤᠯᠭ᠎ᠠ ᠶᠢᠨ ᠨᠠᠷᠠᠢ᠌ᠳᠤᠯ ᠳᠦᠷᠢᠮ ᠶᠢᠡᠷ ᠪᠢᠴᠢᠭᠦᠯᠵᠤ᠂ ᠢᠯᠭᠠᠭ᠎ᠠ ᠶᠢ ᠨᠢ ᠳᠤᠳᠤᠷᠬᠠᠢ ᠮᠡᠳᠡᠭᠦᠯᠦᠨ᠎ᠡ᠃ ᠢᠩᠭᠢᠪᠠᠯ ᠰᠤᠷᠤᠭᠴᠢᠳ ᠠᠠᠳᠠᠭᠤ ᠪᠣᠷᠤᠭᠤ ᠪᠢᠴᠢᠭᠦ ᠦᠭᠡᠶ ᠪᠠᠢ᠌ᠵᠤ ᠯᠠᠪᠳᠠᠭᠤᠨ ᠪᠠᠳᠤᠳᠠᠢ ᠳᠤᠭᠳᠠᠭᠠᠵᠤ ᠴᠢᠳᠠᠬᠤ ᠶᠤᠮ᠃


ᠵᠤᠬᠢᠶᠠᠭᠴᠢ ᠶᠢᠨ ᠬᠠᠶ‍ᠢᠭ ᠄ ᠨᠢ᠋ᠮᠠᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠯᠢ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3779
ᠴᠠᠭ᠄ 2010 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ