ᠨᠡᠪᠲᠡᠷᠡᠨ ᠤᠷᠤᠬᠤ
ᠵᠡᠭᠦᠳᠤᠨ ᠳᠤ ᠳᠡᠯᠭᠡᠷᠡᠭ᠍ᠰᠡᠨ ᠰᠠᠷᠭᠠᠢ

ᠥᠤᠷ ᠰᠦᠨᠢ ᠶᠢᠨ ᠨᠣᠢ᠌ᠷ ᠵᠢᠷᠭᠠᠭᠠᠵᠤ

ᠵᠡᠭᠦᠳᠤᠨ ᠳᠤ ᠳᠡᠯᠭᠡᠷᠡᠭ᠍ᠰᠡᠨ ᠰᠠᠷᠭᠠᠢ

ᠡᠳᠦᠷ ᠡᠳᠦᠷ ᠤᠨ ᠪᠤᠳᠤᠯ ᠳᠡᠷᠭᠡᠯᠰᠢᠭᠦᠯᠵᠤ

ᠵᠢᠷᠦᠭᠡᠨ ᠳᠤ ᠭᠡᠷᠡᠯᠳᠦᠭ᠍ᠰᠡᠨ ᠰᠠᠷᠠ

ᠭᠦᠳᠡᠭᠡ ᠶᠢᠨ ᠰᠤᠳᠤᠨ ᠦᠨᠦᠷ

ᠴᠡᠴᠡᠭ᠌ ᠤᠨ ᠭᠡᠰᠡᠷ ᠡᠴᠡ ᠨᠢ ᠠᠩᠭᠢᠯᠤᠵᠤ

ᠴᠤᠩᠬᠤᠨ ᠳᠡᠭᠡᠭᠦᠷ ᠭᠦᠪᠦᠨ᠎ᠡ

ᠭᠡᠦᠭᠡᠨ ᠬᠠᠢ᠌ᠷ᠎ᠠ ᠶᠢᠨ ᠰᠥ᠋

ᠴᠡᠭᠡᠨ ᠭᠡᠷᠡᠯ ᠡᠴᠡ ᠨᠢ ᠢᠪᠢᠯᠵᠤ

ᠳᠠᠷ᠎ᠠ ᠳᠡᠭᠡᠭᠦᠷ ᠠᠰᠬᠠᠷᠠᠨ᠎ᠠ

ᠠᠩᠭᠢᠯᠤᠮ᠎ᠠ ᠦᠨᠦᠷ ᠲᠤ ᠨᠢ ᠰᠤᠭᠳᠤᠭᠤᠷᠠᠵᠤ

ᠵᠥᠭᠡᠢ ᠪᠠᠯ ᠶᠢᠡᠨ ᠴᠤᠭᠯᠠᠭᠤᠯᠬᠤ ᠪᠠᠨ ᠮᠠᠷᠳᠠᠨ᠎ᠠ

ᠠᠷᠢᠭᠤᠨ ᠳᠤᠷᠠᠯᠠᠯ ᠳᠠᠭᠠᠨ ᠢᠴᠢᠩᠭᠦᠷᠡᠵᠤ

ᠡᠷᠪᠠᠭᠡᠢ ᠵᠢᠭᠦᠷ ᠡᠴᠡ ᠪᠠᠨ ᠣᠯᠠᠢ᠌ᠨ᠎ᠠ

ᠬᠠᠷᠠᠴᠠᠨ ᠤ ᠴᠢᠨᠢ ᠳᠤᠩᠭ᠋ᠠᠯᠠᠭ ᠲᠤ ᠳᠤᠭᠳᠤᠯᠵᠤ

ᠪᠤᠯᠠᠭ ᠭᠦᠢᠰᠤᠨ ᠡᠴᠡ ᠪᠠᠨ ᠮᠠᠯᠮᠠᠢ᠌ᠷᠠᠨ᠎ᠠ

ᠬᠠᠴᠠᠷ ᠤᠨ ᠴᠢᠨᠢ ᠭᠡᠷᠡᠯ ᠡᠴᠡ ᠥᠷᠭᠦᠵᠤ

ᠰᠠᠷᠠᠨ ᠤ ᠳᠤᠶᠠᠭ᠎ᠠ ᠭᠡᠳᠡᠷᠭᠦ ᠣᠢ᠌ᠨ᠎ᠠ

ᠨᠢᠭᠤᠵᠤ ᠭᠡᠯᠡᠭ᠍ᠰᠡᠨ ᠭᠠᠭᠴᠠ ᠥᠭᠡ ᠮᠢᠨᠢ

ᠰᠢᠭᠦᠳᠡᠷᠢ ᠪᠤᠯᠵᠤ ᠨᠠᠪᠴᠢᠨ ᠳᠤ ᠨᠢ ᠰᠢᠩᠭᠡᠭ᠌ ᠡ

ᠨᠢᠭᠤᠵᠤ ᠴᠢᠳᠠᠬᠤ ᠦᠭᠡᠶ ᠬᠠᠢ᠌ᠷ᠎ᠠ ᠶᠢᠨ ᠰᠢᠪᠠᠨᠡᠭᠡ ᠮᠢᠨᠢ

ᠰᠢᠯᠦᠭ᠌ ᠪᠤᠯᠵᠤ ᠵᠢᠷᠦᠭᠡᠨ ᠳ᠋ᠤᠨᠢ ᠮᠥᠩᠭᠡᠷᠡᠭ᠌ ᠡ︕

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ