ᠨᠡᠪᠲᠡᠷᠡᠨ ᠤᠷᠤᠬᠤ
ᠰᠤᠩᠭ᠋ᠤᠬᠤ ᠰᠠᠳᠤᠪ ᠢ ᠭᠡᠷᠭᠢᠨ ᠬᠠᠷᠢᠭᠤᠯᠬᠤ ᠳᠤᠬᠠᠢ

ᠶᠡᠷᠦᠩᠭᠡᠢ ᠳᠡᠭᠡᠨ ᠰᠤᠩᠭ᠋ᠤᠬᠤ ᠰᠠᠳᠤᠪ ᠤᠨ ᠰᠤᠩᠭ᠋ᠤᠭᠳᠠᠬᠤ ᠬᠠᠷᠢᠭᠤᠯᠳᠠ ᠮᠠᠭᠠᠤᠠᠯᠠᠬᠤ ᠰᠠᠳᠤᠪ ᠤᠨ ᠭᠢ ᠡᠴᠡ ᠣᠯᠠᠨ ᠪᠠᠢ᠌ᠳᠠᠭ ᠮᠥᠷᠳᠡᠭᠡᠨ ᠣᠯᠠᠩᠭᠢ ᠠᠭᠤᠯᠭ᠎ᠠ ᠪᠦᠷ ᠰᠤᠩᠭ᠋ᠤᠬᠤ ᠰᠠᠳᠤᠪ ᠤᠨ ᠭᠡᠯᠪᠠᠷᠢ ᠪᠠᠷ ᠰᠢᠯᠭᠠᠭᠳᠠᠵᠤ ᠪᠣᠯᠳᠠᠭ᠃ ᠡᠢ᠌ᠮᠤ ᠡᠴᠡ ᠪᠣᠯᠪᠠᠰᠤᠷᠠᠯ᠂ ᠰᠤᠷᠢᠯᠳᠠ᠂ ᠰᠢᠯᠭᠠᠯᠳᠠ ᠳᠤ ᠰᠤᠩᠭ᠋ᠤᠬᠤ ᠰᠠᠳᠤᠪ ᠣᠯᠠᠨ ᠲᠤᠬᠢᠶᠠᠯᠳᠤᠳᠠᠭ ᠪᠦᠭᠡᠤᠨ ᠨᠠᠯᠢᠶᠠᠤᠨ ᠠᠮᠢᠳᠤᠯᠢᠭ ᠪᠠᠢ᠌ᠳᠠᠭ᠃ ᠵᠠᠷᠢᠮ ᠰᠤᠷᠤᠭᠴᠢᠳ ᠰᠤᠩᠭ᠋ᠤᠬᠤ ᠰᠠᠳᠤᠪ ᠲᠤᠬᠢᠶᠠᠯᠳᠤᠭᠰᠠᠭᠠᠷ ᠶᠠᠭᠠᠭᠢᠵᠤ ᠬᠠᠷᠢᠭᠤᠯᠬᠤ ᠪᠠᠨ ᠣᠯᠵᠤ ᠶᠠᠳᠠᠨ᠂ ᠭᠠᠷ ᠨᠤᠬᠤᠯᠠᠵᠤ ᠭᠠᠴᠢᠭᠳᠠᠳᠠᠭ᠃ ᠡ᠊ᠨᠳᠡ ᠰᠤᠩᠭ᠋ᠤᠬᠤ ᠰᠠᠳᠤᠪ ᠢ ᠶᠠᠭᠠᠭᠢᠵᠤ ᠬᠠᠷᠢᠭᠤᠯᠬᠤ ᠳᠤᠬᠠᠢ ᠵᠢᠭᠠᠬᠠᠨ ᠦᠵᠡᠯᠳᠠ ᠶᠢ ᠳᠤᠷᠠᠳᠤᠭᠤᠰᠢᠳᠠᠢ ᠪᠠᠢ᠌ᠨ᠎ᠠ᠃

ᠨᠢᠭᠡ᠂ ᠰᠢᠭᠤᠳ ᠬᠠᠷᠢᠭᠤᠯᠬᠤ

ᠳᠠᠷᠤᠢ ᠰᠠᠳᠤᠪ ᠤᠨ ᠨᠥᠭᠦᠴᠡᠯ ᠶᠢᠡᠷ ᠰᠢᠭᠤᠳ ᠳ᠋ᠦ᠋ᠩ ᠢ ᠪᠣᠳᠤᠨ ᠭᠠᠷᠭᠠᠵᠤ᠂ ᠳᠠᠷᠠᠭ᠎ᠠ ᠨᠢ ᠣᠯᠤᠭᠰᠠᠨ ᠳ᠋ᠦ᠋ᠩ ᠶᠢᠡᠨ ᠰᠤᠩᠭ᠋ᠤᠭᠳᠠᠬᠤ ᠬᠠᠷᠢᠭᠤᠯᠳᠠ ᠤᠳ ᠲᠡᠶ ᠬᠠᠷᠢᠴᠠᠭᠤᠯᠵᠤ᠂ ᠠᠯᠢ ᠨᠢ ᠵᠦᠪ ᠪᠣᠯᠬᠤ ᠶᠢ ᠨᠤᠳᠠᠯᠠᠨ᠎ᠠ᠃

(ᠵᠢᠱᠢᠶ᠎ᠠ ᠨᠢᠭᠡ) ᠂ ᠵᠦᠪ ᠬᠠᠷᠢᠭᠤᠯᠳᠠ ᠶᠢ ᠰᠤᠩᠭ᠋ᠤᠵᠤ᠂ ᠬᠠᠷᠢᠭᠤᠯᠳᠠ ᠶᠢᠨ ᠳ᠋ᠤᠭᠠᠷ ᠢ ᠬᠠᠭᠠᠯᠳᠠ ᠳᠤ ᠨᠠᠮᠠ᠃

(1) ᠨᠢᠭᠡᠨ ᠣᠷᠳᠤ ᠳᠦᠷᠪᠡᠯᠵᠢᠨ ᠪᠠᠶᠠᠳᠤ ᠶᠢᠨ ᠣᠷᠳᠤ ᠨᠢ a ᠮᠸᠲ᠋ᠷ᠂ ᠥᠷᠭᠡᠨ ᠨᠢ b ᠮᠸᠲ᠋ᠷ᠂ ᠦᠨᠳᠦᠷ ᠨᠢ h ᠮᠸᠲ᠋ᠷ᠃ ᠭᠡᠷᠪᠡ ᠣᠷᠳᠤ ᠪᠠ ᠥᠷᠭᠡᠨ ᠨᠢ ᠬᠤᠪᠢᠷᠠᠬᠤ ᠦᠭᠡᠶ ᠨᠥᠭᠦᠴᠡᠯ ᠳᠤᠤᠷ᠎ᠠ ᠦᠨᠳᠦᠷ ᠢ ᠨᠢ 3 ᠮᠸᠲ᠋ᠷ ᠶᠡᠭᠡᠰᠭᠡᠪᠠᠯ᠂ ᠡᠵᠡᠯᠡᠭᠦᠨ ᠨᠢ ᠣᠤᠯ ᠡᠴᠡ ᠪᠠᠨ () ᠺᠦᠪ ᠮᠸᠲ᠋ᠷ ᠨᠡᠮᠡᠭ᠍ᠳᠡᠨ᠎ᠡ᠃

A . 3ab B . 3abh C. (3+h)ab D. 48

(2) ᠨᠢᠭᠡᠨ ᠭᠡᠰᠡᠭ᠌ ᠮᠤᠳᠤᠨ ᠮᠠᠲ᠋ᠸᠷᠢᠶᠠᠯ ᠢ ᠳᠦᠷᠪᠡᠨ ᠭᠡᠰᠡᠭ᠌ ᠪᠣᠯᠭᠠᠨ ᠬᠤᠪᠢᠶᠠᠬᠤ ᠳᠤ 12 ᠮᠢᠨᠦ᠋ᠲ ᠭᠡᠷᠡᠭ᠍ᠰᠡᠨ᠎ᠡ᠃ ᠳᠡᠭᠡᠪᠠᠯ ᠡᠨᠡ ᠬᠤᠷᠳᠤᠴᠠ ᠪᠠᠷ ᠳᠤᠰ ᠮᠤᠳᠤᠨ ᠮᠠᠲ᠋ᠸᠷᠢᠶᠠᠯ ᠢ ᠨᠢ᠋ᠮᠠᠨ ᠭᠡᠰᠡᠭ᠌ ᠪᠣᠯᠭᠠᠨ ᠬᠤᠪᠢᠶᠠᠬᠤ ᠳᠤ ᠨᠠᠢ᠌ᠳᠠ () ᠮᠢᠨᠦ᠋ᠲ ᠭᠡᠷᠡᠭ᠍ᠰᠡᠨ᠎ᠡ᠃

A. 12 B. 24 C. 28 D.48

ᠰᠡᠳᠭᠢᠭᠦ᠄ (1) ᠰᠠᠳᠤᠪ ᠤᠨ ᠣᠤᠠᠬ᠎ᠠ ᠶᠢ ᠦᠨᠳᠦᠰᠦᠯᠠᠪᠠᠯ᠂ ᠣᠷᠳᠤ ᠳᠦᠷᠪᠡᠯᠵᠢᠨ ᠪᠠᠶᠠᠳᠤ ᠶᠢᠨ ᠣᠷᠳᠤ ᠪᠠ ᠥᠷᠭᠡᠨ ᠨᠢ ᠬᠤᠪᠢᠷᠠᠬᠤ ᠦᠭᠡᠶ ᠪᠣᠯᠬᠤᠷ ᠰᠠᠭᠤᠷᠢ ᠶᠢᠨ ᠳᠠᠯᠠᠪᠠᠢ ab ᠨᠢ ᠮᠦᠨ ᠴᠤ ᠬᠤᠪᠢᠷᠠᠬᠤ ᠦᠭᠡᠶ᠃ ᠦᠨᠳᠦᠷ ᠨᠢ 3 ᠮᠸᠲ᠋ᠷ ᠨᠡᠮᠡᠭ᠍ᠳᠡᠪᠠᠯ᠂ ᠨᠡᠮᠡᠭ᠍ᠳᠡᠭ᠍ᠰᠡᠨ ᠭᠡᠰᠡᠭ᠌ ᠤᠨ ᠡᠵᠡᠯᠡᠭᠦᠨ ᠨᠢ 3ab ᠪᠣᠯᠤᠨ᠎ᠠ᠃ ᠡᠢ᠌ᠮᠤ ᠡᠴᠡ A ᠶᠢ ᠰᠤᠩᠭ᠋ᠤᠪᠠᠯ ᠳᠠᠭᠠᠷᠠᠨ᠎ᠠ᠃

(2) ᠨᠢᠭᠡᠨ ᠮᠤᠳᠤᠨ ᠮᠠᠲ᠋ᠸᠷᠢᠶᠠᠯ ᠢ ᠳᠦᠷᠪᠡᠨ ᠭᠡᠰᠡᠭ᠌ ᠬᠤᠪᠢᠶᠠᠬᠤ ᠳᠤ ᠭᠤᠷᠪᠠ ᠣᠳᠠᠭ᠎ᠠ ᠭᠢᠷᠦᠭᠡᠳᠡᠨ᠎ᠡ᠂ ᠨᠢ᠋ᠮᠠᠨ ᠭᠡᠰᠡᠭ᠌ ᠬᠤᠪᠢᠶᠠᠬᠤ ᠳᠤ ᠳᠤᠯᠤᠭ᠎ᠠ ᠣᠳᠠᠭ᠎ᠠ ᠭᠢᠷᠦᠭᠡᠳᠡᠨ᠎ᠡ᠃ ᠡᠭᠦᠨ ᠢ ᠦᠨᠳᠦᠰᠦᠯᠠᠨ ᠢᠯᠡᠷᠭᠡᠢ᠌ᠯᠡᠯ ᠪᠠᠢ᠌ᠭᠤᠯᠵᠤ ᠪᠣᠳᠤᠵᠤ ᠪᠣᠯᠤᠨ᠎ᠠ᠃

12÷(4-l)×(8-1)=28 ᠮᠢᠨᠦ᠋ᠲ᠃ ᠡᠢ᠌ᠮᠤ ᠡᠴᠡ C ᠶᠢ ᠰᠤᠩᠭ᠋ᠤᠪᠠᠯ ᠳᠠᠭᠠᠷᠠᠨ᠎ᠠ᠃

ᠬᠤᠶᠠᠷ᠂ ᠪᠣᠷᠤᠭᠤ ᠬᠠᠷᠢᠭᠤᠯᠳᠠ ᠶᠢ ᠥᠭᠡᠢ᠌ᠰᠭᠡᠭᠦ

ᠳᠠᠷᠤᠢ ᠰᠤᠩᠭ᠋ᠤᠭᠳᠠᠬᠤ ᠬᠠᠷᠢᠭᠤᠯᠳᠠ ᠪᠦᠭᠦᠨ ᠊ᠢ ᠨᠢᠭᠡᠤᠨ ᠨᠢᠭᠡ ᠪᠠᠷ ᠵᠠᠳᠠᠯᠵᠤ᠂ ᠰᠠᠳᠤᠪ ᠤᠨ ᠣᠤᠠᠬ᠎ᠠ ᠲᠤ ᠨᠡᠢ᠌ᠴᠡᠭᠦ ᠦᠭᠡᠶ ᠶᠢ ᠥᠭᠡᠢ᠌ᠰᠭᠡᠨ᠎ᠡ᠃ ᠢᠩᠭᠢᠭᠡᠤᠨ ᠥᠯᠡᠳᠡᠭ᠍ᠰᠡᠨ ᠬᠠᠷᠢᠭᠤᠯᠳᠠ ᠨᠢ ᠳᠠᠷᠤᠢ ᠵᠦᠪ ᠬᠠᠷᠢᠭᠤᠯᠳᠠ ᠪᠣᠯᠤᠨ᠎ᠠ᠃

(ᠵᠢᠱᠢᠶ᠎ᠠ ᠬᠤᠶᠠᠷ) ᠂ ᠵᠦᠪ ᠬᠠᠷᠢᠭᠤᠯᠳᠠ ᠶᠢ ᠰᠤᠩᠭ᠋ᠤᠵᠤ᠂ ᠬᠠᠷᠢᠭᠤᠯᠳᠠ ᠶᠢᠨ ᠳ᠋ᠤᠭᠠᠷ ᠢ ᠬᠠᠭᠠᠯᠳᠠ ᠳᠤ ᠨᠠᠮᠠ᠃

(1) ᠳᠤᠤᠷᠠᠭᠢ ᠪᠣᠳᠠᠷᠬᠠᠢ ᠳᠤᠭ᠎ᠠ ᠤᠳ ᠲᠤ᠂ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠵᠤ ᠳᠡᠢ᠌ᠯᠭᠦ ᠦᠭᠡᠶ ᠨᠢ ()᠃

A. 3/5  B. 3/8 C. 3/24 D. 3/27

(2) ᠭᠡᠷᠪᠡ ᠬᠤᠶᠠᠷ ᠳᠤᠭ᠎ᠠ ᠬᠠᠷᠢᠯᠴᠠᠨ ᠠᠩᠬᠠᠨ ᠤ ᠳᠤᠭ᠎ᠠ ᠪᠣᠯ᠂ ᠡᠨᠡ ᠬᠤᠶᠠᠷ ᠳᠤᠭ᠎ᠠ ᠯᠠᠪᠳᠠᠢ () ᠃

A. ᠪᠦᠷ ᠠᠩᠬᠠᠨ ᠤ ᠳᠤᠭ᠎ᠠ

B. ᠨᠢᠭᠡ ᠨᠢ ᠠᠩᠬᠠᠨ ᠤ ᠳᠤᠭ᠎ᠠ᠂ ᠨᠥᠭᠦᠭᠡ ᠨᠢ ᠵᠤᠬᠢᠶᠠᠮᠠᠯ ᠳᠤᠭ᠎ᠠ

C. ᠶᠡᠷᠦᠩᠭᠡᠢ ᠬᠤᠪᠢᠶᠠᠭᠴᠢ ᠪᠠᠢ᠌ᠬᠤ ᠦᠭᠡᠶ

D. ᠨᠢᠭᠡᠯᠡ ᠶᠡᠷᠦᠩᠭᠡᠢ ᠬᠤᠪᠢᠶᠠᠭᠴᠢ ᠳᠠᠢ

ᠰᠡᠳᠭᠢᠭᠦ᠄ (1) ᠨᠢᠭᠡᠨ ᠪᠣᠳᠠᠷᠬᠠᠢ ᠳᠤᠭ᠎ᠠ ᠶᠢ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠭᠠᠵᠤ ᠳᠡᠢ᠌ᠯᠭᠦ ᠡᠰᠡᠭᠦ ᠶᠢ ᠮᠠᠭᠠᠤᠠᠯᠠᠬᠤ ᠳᠤ᠂ ᠭᠡᠷᠪᠡ ᠪᠣᠳᠠᠷᠬᠠᠢ ᠨᠢ ᠬᠠᠮᠤᠭ ᠭᠢᠯᠪᠠᠷ ᠪᠣᠳᠠᠷᠬᠠᠢ ᠳᠤᠭ᠎ᠠ ᠪᠢᠰᠢ ᠪᠣᠯ ᠣᠷᠢᠳᠠᠪᠠᠷ ᠬᠤᠷᠢᠶᠠᠭᠠᠤᠨ ᠬᠠᠮᠤᠭ ᠭᠢᠯᠪᠠᠷ ᠪᠣᠳᠠᠷᠬᠠᠢ ᠪᠣᠯᠭᠠᠨ᠎ᠠ᠂ ᠢᠩᠭᠢᠭᠡᠤᠨ ᠳᠠᠷᠠᠭ᠎ᠠ ᠨᠢ ᠬᠤᠪᠢᠶᠠᠷᠢ ᠶᠢ ᠨᠢ ᠠᠩᠬᠠᠨ ᠤ ᠥᠷᠡᠵᠢᠭ᠍ᠳᠡᠭᠦᠨ ᠪᠣᠯᠭᠠᠨ ᠵᠠᠳᠠᠯᠤᠨ᠎ᠠ᠂ ᠭᠡᠷᠪᠡ ᠠᠩᠬᠠᠨ ᠤ ᠥᠷᠡᠵᠢᠭ᠍ᠳᠡᠭᠦᠨ ᠨᠢ ᠵᠥᠪᠭᠡᠨ 2 ᠪᠠ 5 ᠪᠠᠷ ᠪᠦᠷᠢᠯᠳᠦᠭ᠍ᠰᠡᠨ ᠪᠣᠯ ᠳᠠᠷᠤᠢ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠵᠤ ᠳᠠᠢ᠌ᠯᠤᠨ᠎ᠠ᠂ ᠡᠰᠡᠪᠠᠯ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠵᠤ ᠳᠡᠢ᠌ᠯᠭᠦ ᠦᠭᠡᠶ᠃ ᠡᠨᠡ ᠮᠠᠳᠤ ᠪᠠᠷ ᠳᠦᠷᠪᠡᠨ ᠬᠠᠷᠢᠭᠤᠯᠳᠠ ᠶᠢ ᠨᠢᠭᠡᠤᠨ ᠨᠢᠭᠡ ᠪᠠᠷ ᠪᠠᠢ᠌ᠴᠠᠭᠠᠵᠤ ᠦᠵᠡᠪᠠᠯ᠂ 3/5 ᠂ 3/8 ᠂ 3/24=1/8 ᠪᠦᠷ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠵᠤ ᠳᠠᠢ᠌ᠯᠤᠨ᠎ᠠ᠃ ᠭᠠᠭᠴᠠ 3/27=1/9 ᠨᠢ ᠯᠠ ᠭᠢᠵᠠᠭᠠᠷᠳᠠᠢ ᠠᠷᠪᠠᠳᠤ ᠶᠢᠨ ᠪᠣᠳᠠᠷᠬᠠᠢ ᠪᠣᠯᠵᠤ ᠳᠡᠢ᠌ᠯᠭᠦ ᠦᠭᠡᠶ᠃ ᠡᠢ᠌ᠮᠤ ᠡᠴᠡ D ᠨᠢ ᠵᠦᠪ ᠬᠠᠷᠢᠭᠤᠯᠳᠠ ᠪᠣᠯᠤᠨ᠎ᠠ᠃

(2) ᠳᠦᠷᠪᠡᠨ ᠬᠠᠷᠢᠭᠤᠯᠳᠠ ᠶᠢ ᠵᠠᠳᠠᠯᠵᠤ ᠦᠵᠡᠪᠠᠯ᠂ C ᠯᠠᠪᠳᠠᠢ ᠪᠣᠷᠤᠭᠤ᠂ ᠣᠴᠢᠷ ᠨᠢ ᠶᠠᠮᠠᠷᠪᠠ ᠬᠤᠶᠠᠷ ᠪᠠᠢ᠌ᠭᠠᠯᠢ ᠳᠤᠭ᠎ᠠ ᠪᠦᠷ ᠶᠡᠷᠦᠩᠭᠡᠢ ᠬᠤᠷᠢᠶᠠᠭᠴᠢ ᠲᠡᠶ᠃ A ᠪᠠ B ᠪᠣᠯ ᠬᠤᠶᠠᠷ ᠳᠤᠭ᠎ᠠ ᠬᠠᠷᠢᠯᠴᠠᠨ ᠠᠩᠬᠠᠨ ᠤ ᠳᠤᠭ᠎ᠠ ᠪᠣᠯᠬᠤ ᠳᠤ ᠭᠠᠷᠴᠤ ᠪᠣᠯᠬᠤ ᠪᠣᠯᠤᠯᠴᠠᠭ᠎ᠠ ᠮᠦᠨ᠂ ᠡᠭᠦᠨ ᠡᠴᠡ ᠭᠠᠳᠠᠨ᠎ᠠ ᠪᠠᠰᠠ ᠬᠤᠶᠠᠷ ᠵᠤᠬᠢᠶᠠᠮᠠᠯ ᠳᠤᠭ᠎ᠠ ᠪᠣᠶᠤ ᠬᠤᠶᠠᠷ ᠳᠤᠭᠠᠨ ᠤ ᠨᠢᠭᠡ ᠨᠢ 1 ᠪᠣᠯᠬᠤ ᠪᠠᠢ᠌ᠳᠠᠯ ᠳᠤ ᠬᠠᠷᠢᠯᠴᠠᠨ ᠠᠩᠬᠠᠨ ᠤ ᠳᠤᠭ᠎ᠠ ᠪᠣᠯᠬᠤ ᠪᠣᠯᠤᠯᠴᠠᠭ᠎ᠠ ᠲᠡᠶ᠃ ᠢᠩᠭᠢᠭᠡᠤᠨ A B C ᠭᠤᠷᠪᠠᠨ ᠬᠠᠷᠢᠭᠤᠯᠳᠠ ᠶᠢ ᠥᠭᠡᠢ᠌ᠰᠭᠡᠭ᠍ᠰᠡᠨ ᠪᠠᠢ᠌ᠳᠠᠯ ᠳᠤᠤᠷ᠎ᠠ ᠭᠠᠭᠴᠠ D ᠵᠦᠪ ᠪᠣᠯᠬᠤ ᠨᠢ ᠭᠠᠷᠴᠠᠭ᠎ᠠ ᠦᠭᠡᠶ᠃ ᠥᠨᠡᠨᠳᠡᠭᠡᠨ ᠬᠠᠷᠢᠯᠴᠠᠨ ᠠᠩᠬᠠᠨ ᠤ ᠳᠤᠭ᠎ᠠ ᠪᠣᠯᠬᠤ ᠶᠢᠨ ᠨᠥᠭᠦᠴᠡᠯ ᠨᠢ ᠳᠠᠷᠤᠢ 1 ᠡᠴᠡ ᠪᠣᠰᠤᠳ ᠶᠡᠷᠦᠩᠭᠡᠢ ᠬᠤᠷᠢᠶᠠᠭᠴᠢ ᠦᠭᠡᠶ ᠬᠤᠶᠠᠷ ᠳᠤᠭ᠎ᠠ ᠪᠣᠯᠤᠨ᠎ᠠ᠃

ᠭᠤᠷᠪᠠ᠂ ᠣᠷᠤᠯᠠᠭᠤᠯᠤᠨ ᠰᠢᠯᠭᠠᠬᠤ ᠠᠷᠭ᠎ᠠ

ᠳᠠᠷᠤᠢ ᠰᠤᠩᠭ᠋ᠤᠭᠳᠠᠬᠤ ᠬᠠᠷᠢᠭᠤᠯᠳᠠ ᠤᠳ ᠢ ᠨᠢᠭᠡᠤᠨ ᠨᠢᠭᠡ ᠪᠠᠷ ᠰᠠᠳᠤᠪ ᠲᠤ ᠣᠷᠤᠭᠤᠯᠤᠨ ᠰᠢᠯᠭᠠᠵᠤ᠂ ᠰᠠᠳᠤᠪ ᠤᠨ ᠣᠤᠠᠬ᠎ᠠ ᠳᠤ ᠨᠡᠢ᠌ᠴᠡᠭ᠍ᠰᠡᠨ ᠪᠣᠯ ᠳᠠᠷᠤᠢ ᠵᠦᠪ ᠬᠠᠷᠢᠭᠤᠯᠳᠠ ᠮᠦᠨ᠃

(ᠵᠢᠱᠢᠶ᠎ᠠ ᠭᠤᠷᠪᠠ) ᠂ ᠵᠦᠪ ᠬᠠᠷᠢᠭᠤᠯᠳᠠ ᠶᠢ ᠰᠤᠩᠭ᠋ᠤᠵᠤ᠂ ᠬᠠᠷᠢᠭᠤᠯᠳᠠ ᠶᠢᠨ ᠳ᠋ᠤᠭᠠᠷ ᠢ ᠬᠠᠭᠠᠯᠳᠠ ᠳᠤ ᠨᠠᠮᠠ᠃

(1) ᠨᠢᠭᠡᠨ ᠬᠠᠷᠢᠴᠠᠯ ᠳᠤ᠂ ᠬᠤᠶᠠᠷ ᠭᠠᠳᠠᠭᠠᠳᠤ ᠭᠡᠰᠢᠭᠦᠨ ᠨᠢ 4 ᠪᠠ 5 ᠂ ᠨᠢᠭᠡ ᠳᠤᠳᠤᠭᠠᠳᠤ ᠭᠡᠰᠢᠭᠦᠨ ᠨᠢ 2.5 ᠪᠣᠯ ᠂ ᠨᠥᠭᠦᠭᠡ ᠨᠢᠭᠡ ᠳᠤᠳᠤᠭᠠᠳᠤ ᠭᠡᠰᠢᠭᠦᠨ ᠨᠢ ()᠃

A.12.5

B.10

C.8

D.2

(2) 18᠄ 24 ᠶᠢᠨ ᠡᠮᠦᠨ᠎ᠡ ᠭᠡᠰᠢᠭᠦᠨ ᠢ ᠨᠢ 6 ᠪᠠᠭᠠᠰᠬᠠᠵᠤ᠂ ᠬᠠᠷᠢᠴᠠᠯ ᠤᠨ ᠭᠡᠮᠵᠢᠭ᠍ᠳᠡᠯ ᠢ ᠬᠤᠪᠢᠷᠠᠭᠤᠯᠬᠤ ᠦᠭᠡᠶ ᠭᠡᠪᠠᠯ᠂ ᠬᠣᠢ᠌ᠨᠠᠭᠢ ᠭᠡᠰᠢᠭᠦᠨ ᠢ ᠨᠢ ()᠃

A. 6 ᠪᠠᠭᠠᠰᠬᠠᠨ᠎ᠠ

B.6 ᠨᠡᠮᠡᠭ᠍ᠳᠡᠭᠦᠯᠦᠨ᠎ᠡ

C. 8 ᠪᠠᠭᠠᠰᠬᠠᠨ᠎ᠠ

D.ᠬᠤᠪᠢᠷᠠᠭᠠᠬᠤ ᠥᠭᠡᠢ

ᠰᠡᠳᠭᠢᠭᠦ᠄ (1) ᠳᠤᠰ ᠰᠠᠳᠤᠪ ᠢ ᠬᠠᠷᠢᠴᠠᠯ ᠢ ᠪᠣᠳᠤᠬᠤ ᠠᠷᠭ᠎ᠠ ᠪᠠᠷ ᠰᠢᠭᠤᠳ ᠪᠣᠳᠤᠵᠤ ᠪᠣᠯᠬᠤ ᠪᠦᠭᠡᠤᠨ ᠪᠠᠰᠠ ᠬᠠᠷᠢᠴᠠᠯ ᠤᠨ ᠦᠨᠳᠦᠰᠦᠨ ᠰᠢᠠᠵᠢ ᠴᠢᠨᠠᠷ ᠢ ᠦᠨᠳᠦᠰᠦᠯᠠᠵᠤ ᠰᠤᠩᠭ᠋ᠤᠭᠳᠠᠬᠤ ᠬᠠᠷᠢᠭᠤᠯᠳᠠ ᠶᠢ ᠨᠢᠭᠡᠤᠨ ᠨᠢᠭᠡ ᠪᠠᠷ ᠣᠷᠤᠯᠠᠭᠤᠯᠬᠤ ᠠᠷᠭ᠎ᠠ ᠪᠠᠷ ᠪᠣᠳᠤᠵᠤ ᠪᠣᠯᠤᠨ᠎ᠠ᠃ 4×5=2.5×()  ᠣᠷᠤᠯᠠᠭᠤᠯᠤᠨ ᠰᠢᠯᠭᠠᠬᠤ ᠪᠠᠷ ᠳᠠᠮᠵᠢᠨ ᠭᠠᠭᠴᠠ 8 ᠢᠯᠡᠷᠭᠡᠢ᠌ᠯᠡᠯ ᠢ ᠳᠡᠩᠴᠡᠭᠦᠯᠦᠨ᠎ᠡ᠃ ᠡᠢ᠌ᠮᠤ ᠡᠴᠡ C ᠶᠢ ᠰᠤᠩᠭ᠋ᠤᠨ᠎ᠠ᠃

(2) ᠳᠤᠰ ᠰᠠᠳᠤᠪ ᠢ ᠰᠢᠭᠤᠳ ᠪᠣᠳᠤᠬᠤ ᠪᠣᠳᠤᠯᠭ᠎ᠠ ᠪᠠᠷ ᠬᠠᠷᠢᠭᠤᠯᠬᠤ ᠳᠤ ᠵᠢᠭᠠᠬᠠᠨ ᠭᠦᠴᠢᠷ ᠲᠡᠶ᠃ ᠭᠡᠷᠪᠡ ᠬᠠᠷᠢᠭᠤᠯᠳᠠ ᠪᠦᠭᠦᠨ ᠢ ᠨᠢᠭᠡᠨᠲᠡ ᠮᠡᠳᠡᠭ᠍ᠰᠡᠨ ᠬᠠᠷᠢᠴᠠᠯ ᠳᠤ ᠣᠷᠤᠯᠠᠭᠤᠯᠬᠤ ᠠᠷᠭ᠎ᠠ ᠶᠢ ᠭᠡᠷᠡᠭᠯᠡᠪᠠᠯ ᠭᠢᠯᠪᠠᠷ ᠰᠢᠭ᠃ ᠵᠢᠱᠢᠶᠠᠯᠠᠪᠠᠯ A ᠬᠠᠷᠢᠭᠤᠯᠳᠠ ᠶᠢ ᠣᠷᠤᠯᠠᠭᠤᠯᠪᠠᠯ (18-6):(24-6)=12:18=2/3 ᠭᠡᠳᠡᠯ᠎ᠡ 18:24=3/4 ᠡᠢ᠌ᠮᠤ ᠡᠴᠡ A ᠰᠠᠳᠤᠪ ᠤᠨ ᠣᠤᠠᠬ᠎ᠠ ᠳᠤ ᠨᠡᠢ᠌ᠴᠡᠭᠦ ᠦᠭᠡᠶ᠃ ᠡᠨᠡ ᠠᠷᠭ᠎ᠠ ᠪᠠᠷ ᠨᠥᠭᠦᠭᠡ ᠭᠤᠷᠪᠠᠨ ᠬᠠᠷᠢᠭᠤᠯᠳᠠ ᠶᠢ ᠰᠢᠯᠭᠠᠵᠤ ᠠᠯᠢ ᠨᠢ ᠵᠦᠪ ᠪᠣᠯᠬᠤ ᠶᠢ ᠭᠠᠷᠭᠠᠭᠠᠷᠠᠢ ᠃

ᠡᠨᠡ ᠠᠷᠭ᠎ᠠ ᠶᠢ ᠪᠠᠰᠠ ᠥᠭᠡᠢ᠌ᠰᠭᠡᠭᠦ ᠠᠷᠭ᠎ᠠ ᠭᠡᠵᠤ ᠭᠡᠯᠡᠵᠤ ᠪᠣᠯᠤᠨ᠎ᠠ᠂ ᠵᠥᠪᠭᠡᠨ ᠣᠷᠤᠯᠠᠭᠤᠯᠤᠨ ᠰᠢᠯᠭᠠᠬᠤ ᠠᠷᠭ᠎ᠠ ᠶᠢ ᠭᠡᠷᠡᠭᠯᠡᠭ᠍ᠰᠡᠨ ᠳᠠᠳᠤᠢ᠃

ᠰᠤᠩᠭ᠋ᠤᠬᠤ ᠰᠠᠳᠤᠪ ᠢ ᠬᠠᠷᠢᠭᠤᠯᠬᠤ ᠳᠤ ᠶᠠᠮᠠᠷ ᠠᠷᠭ᠎ᠠ ᠶᠢ ᠭᠡᠷᠡᠭᠯᠡᠭ᠍ᠰᠡᠨ ᠴᠤ᠂ ᠡᠷᠭᠡᠪᠰᠢ ᠰᠠᠳᠤᠪ ᠤᠨ ᠣᠤᠠᠬ᠎ᠠ ᠶᠢ ᠭᠢᠨᠠᠮᠠᠭᠠᠢ ᠵᠠᠳᠠᠯᠬᠤ ᠡᠴᠡ ᠭᠠᠳᠠᠨ᠎ᠠ᠂ ᠪᠠᠰᠠ ᠰᠤᠩᠭ᠋ᠤᠭᠳᠠᠬᠤ ᠬᠠᠷᠢᠭᠤᠯᠳᠠ ᠶᠢ ᠰᠠᠢ᠌ᠬᠠᠨ ᠠᠩᠬᠠᠷᠬᠤ ᠭᠡᠷᠡᠭ᠍ᠳᠡᠢ᠃

ᠪᠣᠯᠪᠠᠰᠤᠷᠠᠬᠤ ᠰᠠᠳᠤᠪ᠄

ᠵᠦᠪ ᠬᠠᠷᠢᠭᠤᠯᠳᠠ ᠶᠢ ᠰᠤᠩᠭ᠋ᠤᠵᠤ᠂ ᠬᠠᠷᠢᠭᠤᠯᠳᠠ ᠶᠢᠨ ᠳ᠋ᠤᠭᠠᠷ ᠢ ᠬᠠᠭᠠᠯᠳᠠ ᠳᠤ ᠨᠠᠮᠠ᠃

(1) ᠨᠢᠭᠡᠨ ᠵᠣᠢ᠌ᠯ ᠤᠨ ᠳᠠᠷᠢᠶᠠᠨ ᠦᠷ᠎ᠡ ᠳᠤ ᠰᠤᠶᠤᠭᠠᠯᠠᠭᠤᠯᠬᠤ ᠳᠤᠷᠰᠢᠯᠳᠠ ᠭᠢᠵᠠᠢ᠃ ᠨᠢᠭᠡᠳᠦᠭᠡᠷ ᠣᠳᠠᠭ᠎ᠠ 200 ᠮᠥᠭᠦᠯᠢᠭ᠌ ᠢ ᠠᠪᠴᠤ ᠰᠤᠶᠤᠭᠠᠯᠠᠭᠤᠯᠤᠭᠰᠠᠨ ᠳᠤ 150 ᠮᠥᠭᠦᠯᠢᠭ᠌ ᠨᠢ ᠰᠤᠶᠤᠭᠠᠯᠠᠵᠠᠢ᠃ ᠬᠤᠶᠠᠳᠤᠭᠠᠷ ᠣᠳᠠᠭ᠎ᠠ ᠳᠤ 50 ᠮᠥᠭᠦᠯᠢᠭ᠌ ᠠᠪᠴᠤ ᠰᠤᠶᠤᠭᠠᠯᠠᠭᠤᠯᠤᠭᠰᠠᠨ ᠳᠤ ᠪᠦᠭᠦᠨ ᠶᠢᠡᠷ ᠶᠢᠡᠨ ᠰᠤᠶᠤᠭᠠᠯᠠᠵᠠᠢ᠃ ᠳᠡᠭᠡᠪᠠᠯ ᠡᠨᠡ ᠳᠠᠷᠢᠶᠠᠨ ᠦᠷ᠎ᠡ ᠶᠢᠨ ᠰᠤᠶᠤᠭᠠᠯᠠᠬᠤ ᠨᠤᠷᠮ᠎ᠠ ᠨᠢ () ᠪᠣᠯᠤᠨ᠎ᠠ᠃

A. 50% B. 75% C. 80% D. 100%

(2) ᠨᠢᠭᠡ ᠪᠣᠳᠠᠷᠬᠠᠢ ᠶᠢᠨ ᠭᠦᠷᠳᠡᠪᠦᠷᠢ ᠪᠠ ᠬᠤᠪᠢᠶᠠᠷᠢ ᠳᠤ ᠪᠦᠷ 2 ᠨᠠᠮᠠᠵᠤ ᠂  ᠣᠯᠬᠤ ᠪᠣᠳᠠᠷᠬᠠᠢ ᠳᠤᠭ᠎ᠠ ᠶᠢ ᠣᠤᠯ ᠪᠣᠳᠠᠷᠬᠠᠢ ᠳᠤᠭ᠎ᠠ ᠲᠡᠶ ᠬᠠᠷᠢᠴᠠᠭᠤᠯᠪᠠᠯ ᠂ ()᠃

A᠂ ᠣᠤᠯ ᠪᠣᠳᠠᠷᠬᠠᠢ ᠨᠢ ᠪᠠᠭ᠎ᠠ

B᠂ ᠣᠤᠯ ᠪᠣᠳᠠᠷᠬᠠᠢ ᠨᠢ ᠶᠡᠭᠡ

C᠂ ᠶᠡᠭᠡ ᠪᠠᠭ᠎ᠠ ᠨᠢ ᠳᠡᠩᠴᠡᠭᠦᠤ

D᠂ ᠳᠡᠭᠡᠷᠡᠭᠢ ᠭᠤᠷᠪᠠᠨ ᠵᠣᠢ᠌ᠯ ᠤᠨ ᠪᠠᠢ᠌ᠳᠠᠯ ᠪᠦᠷ ᠪᠠᠢ᠌ᠵᠤ ᠪᠣᠯᠤᠨ᠎ᠠ ᠃

ᠵᠤᠬᠢᠶᠠᠭᠴᠢ᠄ ᠳᠤᠰ ᠰᠦᠯᠵᠢᠶ᠎ᠠ
ᠢᠷᠡᠯᠲᠡ᠄ ᠳᠤᠰ ᠰᠦᠯᠵᠢᠶ᠎ᠠ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 5359
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ