ᠨᠡᠪᠲᠡᠷᠡᠨ ᠤᠷᠤᠬᠤ
ᠬᠠᠳᠠᠨ ᠡᠩᠭᠡᠷ ①
ᠳᠠᠯᠠᠢ᠌ᠨᠠᠭᠤᠷ ᠪᠠᠯᠭᠠᠰᠤ ᠶᠢᠨ ᠮᠤᠩᠭ᠋ᠤᠯ ᠪᠠᠭ᠎ᠠ ᠰᠤᠷᠭᠠᠭᠤᠯᠢ ᠶᠢ ᠬᠠᠰᠤᠬᠤ ᠭᠡᠰᠡᠨ ᠢ ᠥᠵᠡᠭᠡᠳ

ᠳᠠᠷᠬᠠᠠᠠ᠋ᠭᠤᠯᠠ ᠳᠠᠯᠠᠢ᠌ᠨᠠᠭᠤᠷ ᠨᠢᠭᠡᠳᠦᠯ ᠪᠣᠯᠵᠤ ᠨᠤᠳᠤᠭ ᠰᠠᠯᠬᠤ ᠳ᠋ᠤ

ᠳᠠᠯᠠᠢ᠌ᠨᠠᠭᠤᠷ ᠨᠢᠭᠡᠳᠦᠯ ᠢ ᠡᠯᠢᠭᠡᠨ ᠳᠡᠭᠡᠨ ᠳᠡᠪᠠᠷᠢᠭ᠍ᠰᠡᠨ ᠬᠠᠳᠠᠨ ᠡᠩᠭᠡᠷ

ᠳᠠᠩᠳᠠ ᠨᠤᠭᠤᠭ᠎ᠠ ᠨᠠᠪᠴᠢ ᠮᠤᠩᠭ᠋ᠤᠯ ᠭᠡᠷ ᠲᠡᠶ ᠳᠠᠠᠵᠢᠨ ᠳ᠋ᠡᠭᠡᠨ

ᠳᠠᠷᠠᠭᠠᠴᠢ ᠬᠣᠢ᠌ᠴᠢ ᠪᠠᠨ ᠨᠤᠭᠤᠭᠠᠨ ᠬᠠᠢ᠌ᠷ᠎ᠠ ᠪᠠᠷ ᠳᠠᠭᠠᠯᠠᠭᠰᠠᠨ ᠬᠠᠳᠠᠨ ᠡᠩᠭᠡᠷ


ᠨᠢᠭᠡᠳᠦᠯ ᠤᠨ ᠲᠦᠪ ᠲᠤ ᠠᠷᠠᠤᠨ ᠤᠨ ᠰᠤᠷᠭᠠᠭᠤᠯᠢ ᠪᠠᠢ᠌ᠬᠤ ᠭᠡᠷᠡᠭ᠍ᠳᠡᠢ ᠭᠡᠵᠤ

ᠨᠢᠭᠡᠳᠦᠯ ᠤᠨ ᠶᠢᠡᠨ ᠮᠡᠡᠳᠦᠯᠡᠭᠦ ᠳᠤ ᠰᠤᠷᠭᠠᠭᠤᠯᠢ ᠪᠠᠢ᠌ᠭᠤᠯᠤᠭᠰᠠᠨ ᠬᠠᠳᠠᠨ ᠡᠩᠭᠡᠷ

ᠨᠢᠭᠡᠳᠦᠯ ᠳᠤ ᠰᠤᠷᠭᠠᠭᠤᠯᠢ ᠲᠡᠶ ᠴᠠᠭ ᠲᠤ ᠰᠤᠶᠤᠯ ᠤᠨ ᠭᠤᠯᠤᠮᠳᠠ ᠬᠠᠷᠠᠯᠠᠬᠤ ᠦᠭᠡᠶ ᠭᠡᠵᠤ

ᠨᠢᠭᠡᠳᠦᠯ ᠤᠨ ᠶᠢᠡᠨ ᠬᠡᠦᠬᠡᠳ ᠲᠤ ᠳᠦᠭᠦᠮ ᠥᠵᠡᠭᠦᠯᠦᠭ᠍ᠰᠡᠨ ᠬᠠᠳᠠᠨ ᠡᠩᠭᠡᠷ


ᠪᠣᠳᠠᠭᠠᠨ ᠳᠠᠭᠠᠨ ᠴᠢᠳᠠᠴᠢᠬᠠᠪᠠᠯ ᠨᠠᠭᠠᠳᠤᠭᠠᠤᠨ ᠭᠦᠶ‍ᠦᠴᠢᠭᠡᠳᠡᠭ᠌ ᠨᠠᠳᠠ ᠶᠢ ᠴᠤ

ᠪᠣᠭᠴᠤ ᠡᠭᠦᠷᠡᠭᠦᠯᠵᠤ ᠰᠤᠷᠤᠭᠴᠢ ᠪᠣᠯᠭᠠᠭᠰᠠᠨ ᠬᠠᠳᠠᠨ ᠡᠩᠭᠡᠷ

ᠪᠣᠷᠭᠠᠰᠤᠨ ᠮᠤᠷᠢ ᠣᠨᠤᠵᠤ ᠠᠳᠤᠭᠤ ᠣᠷᠭᠠᠯᠠᠳᠠᠭ ᠭᠠᠷ ᠢ

ᠪᠢᠷ ᠠᠳᠬᠤᠭᠤᠯᠵᠤ ᠥᠰᠦᠭ᠌ ᠣᠷᠭᠠᠯᠠᠭᠤᠯᠤᠭᠰᠠᠨ ᠬᠠᠳᠠᠨ ᠡᠩᠭᠡᠷ


ᠢᠮᠠᠭᠠᠨ ᠳᠡᠷᠭᠡ ᠭᠦᠭᠡᠭᠡᠵᠤ ᠠᠶᠠᠨ ᠶᠠᠪᠣᠳᠠᠭ ᠵᠢᠭᠠᠯ ᠤᠳ ᠢ

ᠢᠷᠡᠮᠡᠭ᠍ᠳᠤ ᠰᠢᠷᠡᠭᠡᠨ ᠳᠤ ᠰᠠᠭᠤᠯᠭᠠᠵᠤ ᠳᠠᠰᠬᠠᠯ ᠭᠢᠯᠭᠡᠭ᠍ᠰᠡᠨ ᠬᠠᠳᠠᠨ ᠡᠩᠭᠡᠷ

ᠢᠵᠢᠯᠢ ᠳᠠᠰᠤᠯ ᠠᠢ᠌ᠯ ᠤᠨ ᠶᠢᠡᠨ ᠬᠡᠦᠬᠡᠳ ᠢ ᠯᠠ ᠳᠠᠨᠢᠳᠠᠭ ᠪᠠᠭᠠᠴᠤᠤᠯ ᠢ

ᠢᠳᠡᠭᠡᠯᠴᠡᠨ ᠳᠠᠰᠤᠯᠴᠠᠭᠰᠠᠨ ᠣᠯᠠᠨ ᠨᠠᠢ᠌ᠵᠠ ᠲᠡᠶ ᠪᠣᠯᠭᠠᠭᠰᠠᠨ ᠬᠠᠳᠠᠨ ᠡᠩᠭᠡᠷ


ᠪᠠᠭ᠎ᠠ ᠰᠤᠷᠭᠠᠭᠤᠯᠢ ᠡᠴᠠ ᠦᠨᠳᠦᠷ ᠳᠤᠮᠳᠠᠳᠤ ᠶᠢᠨ ᠰᠤᠷᠤᠭᠴᠢᠳ ᠢ ᠭᠦᠷᠳᠡᠯ᠎ᠡ

ᠪᠠᠶᠠᠷᠳᠠᠢ ᠣᠭᠳᠤᠵᠤ ᠪᠢᠯᠢᠭ᠌ ᠣᠷᠤᠭᠤᠯᠵᠤ ᠪᠠᠢ᠌ᠭᠰᠠᠨ ᠬᠠᠳᠠᠨ ᠡᠩᠭᠡᠷ

ᠪᠢᠴᠢᠭ᠌ ᠪᠢᠯᠢᠭ᠍ᠳᠡᠨ ᠣᠯᠠᠨ ᠭᠠᠷᠴᠤ ᠠᠭᠳᠠ ᠶᠢᠨ ᠵᠢᠯᠤᠭᠤ ᠰᠤᠩᠭ᠋ᠠᠬᠤ ᠳ᠋ᠤ

ᠪᠠᠶᠠᠷ ᠭᠦᠷᠭᠡᠵᠤ ᠰᠠᠴᠤᠯᠢ ᠡᠷᠭᠦᠨ ᠵᠥᠩᠨᠡᠭ᠍ᠰᠡᠨ ᠬᠠᠳᠠᠨ ᠡᠩᠭᠡᠷ


ᠬᠠᠭᠠᠰ ᠵᠠᠭᠤᠨ᠎ᠠ ᠶᠠᠩᠵᠤ ᠪᠦᠷᠢ ᠶᠢᠨ ᠭᠦᠴᠢᠷ ᠪᠠᠷᠭᠡ ᠶᠢ ᠳᠤᠭᠤᠯᠵᠤ

ᠬᠠᠯᠠᠰᠢᠷᠠᠯ ᠦᠭᠡᠶ ᠨᠢᠭᠡᠨ ᠵᠤᠷᠢᠭ ᠶᠢᠡᠷ ᠰᠤᠶᠤᠯ ᠶᠢᠡᠨ ᠳᠡᠭᠡᠳᠦᠯᠡᠭ᠍ᠰᠡᠨ ᠬᠠᠳᠠᠨ ᠡᠩᠭᠡᠷ

ᠬᠠᠯᠠᠭᠤᠨ ᠡᠯᠢᠭᠡ ᠪᠠᠨ ᠭᠦᠩᠭᠡᠷ ᠤᠨ ᠳᠠᠯ᠎ᠠ ᠶᠢᠨ ᠶᠢᠡᠨ ᠠᠭᠤᠳᠠᠮ ᠶᠢᠡᠷ ᠳᠡᠯᠭᠡᠵᠤ

ᠬᠠᠷᠢ ᠶᠢᠨ ᠦᠪᠡᠷ ᠤᠨ ᠭᠡᠯᠡᠳᠡᠨ ᠢ ᠢᠯᠭᠠᠯ ᠦᠭᠡᠶ ᠪᠣᠶᠠᠨ ᠥᠢᠯᠡᠳᠦᠭ᠍ᠰᠡᠨ ᠬᠠᠳᠠᠨ ᠡᠩᠭᠡᠷ

ᠨᠤᠳᠤᠭ ᠤᠨ ᠣᠯᠠᠨ ᠰᠤᠷᠭᠠᠨ ᠭᠦᠮᠦᠵᠢᠯ ᠤᠨ ᠵᠢᠦᠡᠭᠦᠯᠳᠡᠳ ᠤᠨ ᠭᠠᠷ ᠳᠤ

ᠨᠠᠷ᠎ᠠ ᠠᠯᠳᠠᠷ ᠲᠡᠶ ᠰᠤᠷᠭᠠᠭᠤᠯᠢ ᠪᠠᠢ᠌ᠭᠤᠯᠤᠭᠰᠠᠨ ᠳᠡᠦᠭᠡ ᠲᠡᠶ ᠬᠠᠳᠠᠨ ᠡᠩᠭᠡᠷ

ᠨᠠᠰᠤᠨ ᠪᠠᠭ᠎ᠠ ᠡᠴᠠ ᠨᠢ ᠮᠤᠩᠭ᠋ᠤᠯ ᠬᠡᠦᠬᠡᠳ ᠶᠢᠡᠨ ᠪᠠᠯᠠᠢ᠌ᠷᠠᠭᠤᠯᠬᠤ ᠦᠭᠡᠶ ᠭᠡᠵᠤ

ᠨᠠᠮ ᠤᠨ ᠪᠣᠳᠤᠯᠭ᠎ᠠ ᠪᠠᠷ ᠬᠡᠦᠬᠡᠳ ᠪᠦᠭᠦᠨ ᠶᠢᠡᠨ ᠳᠤᠯᠠᠭᠠᠯᠠᠭᠰᠠᠨ ᠬᠠᠳᠠᠨ ᠡᠩᠭᠡᠷ

ᠭᠡᠵᠢᠶ᠎ᠡ ᠭᠡᠨ ᠤ ᠦᠶ᠎ᠡ ᠰᠤᠷᠭᠠᠭᠤᠯᠢ ᠨᠢ ᠶᠠᠮᠠᠷ ᠭᠡᠳᠡᠭ᠌ ᠢ ᠳᠤᠳᠤ ᠴᠡᠭᠡᠵᠢᠯᠡᠵᠤ

ᠬᠡᠦᠬᠡᠳ ᠨᠢ ᠬᠠᠷᠢ ᠶᠢ ᠴᠢᠭᠯᠡᠵᠤ ᠭᠦᠷᠢᠶ᠎ᠡ ᠨᠢ ᠬᠤᠭᠤᠰᠤᠷᠠᠬᠤ ᠶᠢ ᠰᠢᠷᠳᠡᠭ᠍ᠰᠡᠨ ᠬᠠᠳᠠᠨ ᠡᠩᠭᠡᠷ

ᠭᠦᠮᠤᠨ ᠠᠮᠠ ᠪᠠᠷ ᠴᠥᠭᠡᠨ ᠦᠭᠡᠶ ᠶᠡᠭᠡ ᠪᠠᠯᠭᠠᠰᠤ ᠪᠠᠢ᠌ᠳᠠᠯ᠎ᠠ ᠪᠠᠨ

ᠭᠦᠭᠡᠷᠦᠭᠦᠢ ᠯᠠ ᠮᠤᠩᠭ᠋ᠤᠯ ᠰᠤᠷᠭᠠᠭᠤᠯᠢ ᠪᠠᠨ ᠬᠠᠰᠤᠭᠤᠯᠬᠤ ᠳᠤ ᠳᠤᠯᠭᠠᠷᠠᠭᠰᠠᠨ ᠬᠠᠳᠠᠨ ᠡᠩᠭᠡᠷ


《ᠪᠦᠭ᠍ᠳᠡᠷ ᠡᠪᠦᠭᠡᠨ ᠮᠠᠢ᠌ᠵᠠᠭ ᠡᠮᠡᠭᠡᠨ》 ᠣᠮᠪᠣᠯ ᠶᠢᠡᠨ ᠭᠦᠳᠦᠯᠵᠤ ᠳᠠᠨᠤᠪᠠᠯ ᠶᠠᠮᠠᠷ ︖

ᠪᠦᠳᠤᠨ ᠡᠷᠭᠢᠯᠳᠦᠳᠡᠭ᠌ ᠠᠢ᠌ᠯ ᠤᠨ ᠭᠦᠴᠤ ᠭᠡᠳᠤᠨ ᠵᠥᠭ᠌ ᠲᠤ ᠰᠠᠯᠪᠠᠯ ᠶᠠᠮᠠᠷ ︖

ᠪᠦᠳᠦᠭᠦᠨ ᠪᠠᠭ᠎ᠠ ᠭᠦᠯ ᠠᠯᠳᠠᠵᠤ ᠬᠤᠵᠢᠮ ᠤᠨ ᠶᠢᠡᠨ ᠳᠤᠬᠠᠢ ᠰᠠᠨᠠᠭᠠᠰᠢᠷᠠᠪᠠᠯ ᠶᠠᠮᠠᠷ ︖

ᠪᠦᠭᠦᠳᠡ ᠨᠠᠢ᠌ᠷᠠᠮᠳᠠᠬᠤ ᠳᠤᠮᠳᠠᠳᠤ ᠳᠤ ᠰᠤᠷᠭᠠᠭᠤᠯᠢ ᠪᠣᠯᠭᠠᠨ ᠢ ᠬᠠᠰᠤᠬᠤ ᠬᠠᠤᠯᠢ ᠲᠡᠶ ᠦᠦ ︖


ᠰᠠᠭᠤᠭᠠᠯᠢ ᠲᠦᠮᠡᠨ ᠭᠦᠳᠡᠭᠡ ᠶᠢᠨ ᠮᠤᠩᠭ᠋ᠤᠯ ᠤᠨ ᠶᠢᠡᠨ ᠤᠢ᠌ᠷ᠎ᠡ ᠬᠤᠪᠢ ᠳᠤ ᠨᠢ

ᠰᠤᠷᠭᠠᠭᠤᠯᠢ ᠪᠠᠢ᠌ᠭᠤᠯᠤᠭᠰᠠᠨ ᠨᠢ ᠬᠣᠢ᠌ᠴᠢ ᠳᠠᠭᠠᠨ ᠪᠣᠶᠠᠨ ᠥᠢᠯᠡᠳᠦᠭ᠍ᠰᠡᠨ ᠤ ᠭᠢ ᠶᠤᠮ

ᠰᠤᠷᠭᠠᠨ ᠭᠦᠮᠦᠵᠢᠯ ᠳ᠋ᠤ《ᠠᠯᠪᠠᠨ ᠵᠢᠷᠤᠮ ᠤᠨ ᠬᠠᠤᠯᠢ》 ᠪᠠᠢ᠌ᠳᠠᠯ᠎ᠠ

ᠰᠤᠷᠬᠤ ᠨᠠᠰᠤᠨ ᠤ ᠪᠠᠭᠠᠴᠤᠳ ᠢ ᠪᠠᠯᠠᠢ ᠳᠤ ᠣᠷᠤᠭᠤᠯᠪᠠᠯ ᠶᠠᠯ᠎ᠠ ᠨᠢᠭᠦᠯ ᠶᠤᠮ ᠡ︕


ᠰᠤᠶᠤᠯᠵᠢᠬᠤ ᠪᠣᠯ ᠣᠯᠤᠰ ᠤᠨ ᠦᠨᠳᠦᠰᠦ ᠠᠢ᠌ᠯ ᠤᠨ ᠦᠨᠳᠦᠰᠦ ᠭᠦᠮᠤᠨ ᠪᠣᠯᠬᠤ ᠶᠢᠨ ᠦᠨᠳᠦᠰᠦ

ᠰᠤᠶᠤᠯᠵᠢᠬᠤ ᠶᠢ ᠥᠨᠡᠮᠰᠢᠭ᠍ᠰᠡᠨ ᠡᠳᠦᠭᠡ ᠴᠠᠭ ᠰᠤᠷᠭᠠᠭᠤᠯᠢ ᠪᠠᠨ ᠬᠠᠰᠤᠭᠤᠯᠤᠭᠠᠤᠨ ᠶᠠᠭᠠᠭᠢᠨ᠎ᠠ ︕

ᠪᠠᠷᠠᠭᠤᠨ ᠬᠣᠢ᠌ᠳᠤ ᠳᠠᠯᠠᠢ ᠶᠢᠨ ᠵᠠᠬ᠎ᠠ ᠳ᠋ᠠᠭᠢ ᠬᠤᠶᠠᠷ ᠭᠠᠴᠠᠭᠠᠨ ② ᠵᠤᠷᠢᠭ ᠵᠢᠠᠷ

ᠪᠠᠯᠭᠠᠰᠤᠨ ᠤ ᠮᠤᠩᠭ᠋ᠤᠯ ᠰᠤᠷᠭᠠᠭᠤᠯᠢ ᠪᠠᠨ ᠬᠠᠮᠠᠭᠠᠯᠠᠵᠤ ᠠᠪᠣᠭᠠᠴᠢ︕ ᠬᠠᠳᠠᠨ ᠡᠩᠭᠡᠷ ᠡ︕


① ᠳᠠᠯᠠᠢ᠌ᠨᠠᠭᠤᠷ ᠪᠠᠯᠭᠠᠰᠤ ᠶᠢᠨ ᠰᠠᠭᠤᠭ᠎ᠠ ᠭᠠᠵᠠᠷ ᠢ ᠣᠤᠯ ᠳᠠᠭᠠᠨ ᠬᠠᠳᠠᠨ ᠡᠩᠭᠡᠷ ᠭᠡᠵᠤ ᠳᠠᠭᠤᠳᠠᠳᠠᠭ᠃

② ᠡᠳᠦᠢ ᠳᠡᠭᠡᠨ ᠪᠣᠯᠳᠠᠯ᠎ᠠ ᠪᠠᠶᠠᠠᠮᠠᠠᠳᠤ ᠰᠤᠷᠭᠠᠭᠤᠯᠢ ᠪᠠᠨ ᠴᠢᠨᠠᠷᠳᠠᠢ᠌ᠬᠠᠨ ᠡᠷᠭᠢᠯᠡᠵᠤ ᠪᠠᠢ᠌ᠭ᠎ᠠ ᠪᠠᠶᠠᠠᠮᠠᠠᠳᠤ᠂ ᠳᠦᠷᠦᠭᠡᠨᠡᠭᠤᠷ ᠬᠤᠶᠠᠷ ᠭᠠᠴᠠᠭ᠎ᠠ ᠶᠢ ᠵᠢᠭᠠᠵᠤ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ