ᠨᠡᠪᠲᠡᠷᠡᠨ ᠤᠷᠤᠬᠤ
ᠳᠤᠷᠠᠯᠠᠭᠰᠠᠨ

ᠪᠢ ᠴᠢᠮ᠎ᠠ ᠳᠤ ᠳᠤᠷᠠᠯᠠᠭᠰᠠᠨ

ᠪᠠᠶ᠎ᠠ ᠰᠡᠳᠭᠢᠯ ᠶᠢᠡᠨ ᠪᠠᠷᠢᠵᠤ ᠴᠢᠳᠠᠯ ᠦᠭᠡᠶ ᠳᠤᠷᠠᠯᠠᠭᠰᠠᠨ

ᠡᠶᠡᠯᠳᠡᠭ᠌ ᠲᠦᠯᠭᠡᠨ ᠵᠠᠩ ᠳᠤ ᠴᠢᠨᠢ ᠳᠤᠷᠠᠯᠠᠭᠰᠠᠨ

ᠡᠩᠭᠦᠷᠡᠢ ᠣᠶᠠᠬᠠᠨ ᠢᠨᠢᠶᠡᠮᠰᠦᠭᠯᠡᠯ ᠳᠤ ᠴᠢᠨᠢ ᠳᠤᠷᠠᠯᠠᠭᠰᠠᠨ

ᠬᠠᠢ᠌ᠷ᠎ᠠ ᠶᠢᠨ ᠵᠢᠯᠤᠭᠤ ᠪᠠᠨ ᠠᠯᠳᠠᠭᠤᠯᠵᠤ ᠴᠢᠮᠠᠳᠤ ᠳᠤᠷᠠᠯᠠᠭᠰᠠᠨ

ᠬᠠᠢ᠌ᠷᠠᠳᠠᠢ ᠭᠡᠵᠤ ᠭᠡᠯᠡᠭᠡᠳ ᠦᠭᠡᠶ ᠡᠴᠡ ᠪᠢᠰᠢ ᠳᠤᠷᠠᠯᠠᠭᠰᠠᠨ

ᠣᠯᠠᠨ ᠰᠠᠢ᠌ᠬᠠᠨ ᠦᠬᠢᠳ ᠤᠨ ᠳᠤᠳᠤᠷ᠎ᠠ ᠡᠴᠡ

ᠣᠠᠴᠠᠯᠠᠨ ᠴᠢᠮᠠᠳᠤ ᠳᠤᠷᠠᠯᠠᠭᠰᠠᠨ

ᠣᠩᠭ᠋ᠤᠨ ᠣᠯᠠᠭᠠᠨ ᠵᠢᠷᠦᠭᠡ ᠪᠠᠨ ᠳᠤᠭᠳᠤᠯᠠᠭᠤᠯᠵᠤ

ᠣᠭᠤᠰᠤᠷ ᠦᠭᠡᠶ ᠰᠡᠳᠭᠢᠯ ᠤᠨ ᠣᠶᠠᠭ᠎ᠠ ᠮᠢᠨᠢ ᠠᠯᠳᠠᠷᠠᠵᠤ ᠳᠤᠷᠠᠯᠠᠭᠰᠠᠨ

ᠭᠦᠭᠦᠭᠡ ᠶᠢᠨ ᠳᠤᠩᠭ᠋ᠤᠳᠤᠯᠭ᠎ᠠ ᠮᠠᠳᠤ ᠳᠠᠭᠤᠨ ᠳᠤ ᠴᠢᠨᠢ ᠳᠤᠷᠠᠯᠠᠭᠰᠠᠨ

ᠭᠦᠭᠡᠷᠦᠭᠦᠨ ᠳᠦᠷᠦᠭ᠍ᠰᠡᠨ ᠴᠢᠮᠠᠳᠤ ᠠᠷᠭ᠎ᠠ ᠦᠭᠡᠶ ᠳᠤᠷᠠᠯᠠᠭᠰᠠᠨ

ᠳᠤᠷᠠᠯᠠᠭᠰᠠᠨ ᠰᠢᠤ ᠴᠢᠮᠠᠳᠤ ᠪᠢ ᠳᠤᠷᠠᠯᠠᠭᠰᠠᠨ

ᠳᠤᠷᠠᠯᠠᠯ ᠬᠠᠢ᠌ᠷ᠎ᠠ ᠶᠢᠨ ᠭᠠᠯ ᠶᠢᠡᠨ ᠳᠦᠷᠡᠯᠵᠡᠭᠦᠯᠵᠤ ᠳᠤᠷᠠᠯᠠᠭᠰᠠᠨ

ᠳᠤᠤᠯᠢᠮ᠎ᠠ ᠬᠤᠷᠸ᠎ᠠ ᠳᠤ ᠴᠢᠮ᠎ᠠ ᠲᠡᠶ ᠬᠤᠤᠰᠯᠠᠬᠤ ᠶᠢᠨ ᠳᠠᠪᠢᠯᠠᠩ ᠪᠠᠢ᠌ᠬᠤ ᠪᠣᠯᠪᠠᠤ ᠭᠡᠳ

ᠳᠤᠷᠠᠨ ᠬᠠᠷ᠎ᠠ ᠨᠢᠳᠤᠳᠠᠢ ᠴᠢᠮᠠᠳᠤ ᠳᠤᠷᠠᠯᠠᠭᠰᠠᠨ

ᠬᠠᠢ᠌ᠷ᠎ᠠ ᠶᠢᠨ ᠰᠠᠷᠨᠠᠢ ᠶᠢ ᠴᠢᠮ᠎ᠠ ᠳᠠᠭᠠᠨ ᠪᠠᠯᠡᠭᠯᠡᠭᠡᠳ ᠦᠭᠡᠶ ᠴᠤ

ᠬᠠᠢ᠌ᠯᠭᠠᠨ ᠰᠡᠳᠭᠢᠯ ᠶᠢᠡᠷ ᠶᠢᠡᠨ ᠪᠢ ᠴᠢᠮᠠᠳᠤ ᠳᠤᠷᠠᠯᠠᠭᠰᠠᠨ

ᠬᠠᠯᠠᠭᠤᠨ ᠭᠠᠷ ᠢ ᠴᠢᠨᠢ ᠠᠳᠬᠤᠨ ᠭᠦᠳᠦᠯᠦᠯᠴᠡᠭᠡᠳ ᠦᠭᠡᠶ ᠴᠤ

ᠨᠢᠭᠤᠴᠠᠬᠠᠨ ᠪᠣᠳᠤᠯ ᠳᠠᠭᠠᠨ ᠴᠢᠮᠠᠳᠤ ᠳᠤᠷᠠᠯᠠᠭᠰᠠᠨ

ᠰᠠᠷᠠᠨ ᠤ ᠳᠤᠶᠠᠭᠠᠨ ᠳᠤ ᠴᠢᠮ᠎ᠠ ᠲᠡᠶ ᠪᠣᠯᠵᠤᠭᠠᠤᠨ ᠦᠭᠡᠶ ᠴᠤ

ᠰᠢᠯᠦᠭ᠌ ᠶᠢᠡᠷ ᠰᠡᠳᠭᠢᠯ ᠶᠢᠡᠨ ᠣᠶᠠᠩᠭ᠋ᠠᠯᠠᠨ ᠳᠤᠷᠠᠯᠠᠭᠰᠠᠨ

ᠪᠢ ᠴᠢᠮᠠᠳᠤ ᠳᠤᠷᠠᠯᠠᠭᠰᠠᠨ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ

ᠵᠤᠬᠢᠶᠠᠭᠴᠢ᠄ ᠨᠠ᠊·ᠬᠠᠰᠠᠷᠳᠠᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 06 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ