ᠨᠡᠪᠲᠡᠷᠡᠨ ᠤᠷᠤᠬᠤ
ᠰᠢᠨᠡᠭᠡᠨ ᠬᠤᠳᠠ ᠪᠣᠶᠤ ᠬᠠᠢ᠌ᠷ᠎ᠠ ᠶᠢᠨ ᠴᠠᠭᠠᠨ ᠳᠡᠩᠭᠡᠯᠢᠭ᠌

ᠬᠠᠷᠢᠴᠤᠳ ᠤᠨ ᠬᠠᠷᠠᠭ᠎ᠠ ᠬᠤᠵᠢᠷᠯᠠᠭᠰᠠᠨ

ᠬᠠᠮᠤᠭ ᠤᠨ ᠪᠠᠶᠠᠨ ᠬᠤᠳᠤᠭᠤᠷ

ᠬᠠᠨ ᠬᠤᠷᠸ᠎ᠠ ᠶᠢ ᠪᠠᠭᠳᠠᠭᠠᠭᠰᠠᠨ

ᠬᠠᠮᠤᠭ ᠤᠨ ᠰᠠᠢ᠌ᠬᠠᠨ ᠨᠠᠷ᠎ᠠ —

ᠳᠡᠯᠡᠭᠡᠢ ᠪᠣᠶᠤ

ᠳᠡᠭᠦᠨ ᠤ ᠡᠵᠡᠳ ᠮᠢᠨᠢ᠄

ᠡᠷᠭᠢᠵᠤ ᠬᠠᠷᠠᠬᠤ ᠶᠢ ᠭᠦᠰᠡᠳᠡᠭ᠌

ᠡᠷ᠎ᠡ ᠬᠤᠩᠭ᠋ᠤᠷ ᠨᠠᠰᠤ ᠪᠣᠶᠤ

ᠡᠯᠡᠭᠡᠵᠤ ᠴᠢᠳᠠᠬᠤ ᠦᠭᠡᠶ ᠬᠠᠢ᠌ᠷᠠᠯᠠᠳᠠᠭ

ᠡᠴᠢᠭᠡ ᠶᠢᠨ ᠮᠥᠩᠭᠦᠨ ᠳᠦᠷᠦᠭᠡ

ᠡᠩᠭᠡᠷ ᠳᠠᠰᠤᠳᠠᠮ᠎ᠠ ᠰᠠᠯᠭᠢ ᠲᠡᠶ

ᠡᠨᠡ ᠬᠤᠳᠠ ᠶᠢᠨ ᠵᠢᠵᠢᠭ᠍‍ᠬᠡᠨ ᠡᠷᠭᠢ ᠳᠡᠭᠡᠷ᠎ᠡ

ᠡᠮᠡᠭᠡᠯ ᠲᠡᠶ ᠪᠠᠨ ᠪᠦᠳᠤᠨ ᠬᠠᠷᠠᠭᠳᠠᠳᠠᠭ ᠨᠢ

ᠭᠦᠭᠡᠷᠦᠭᠦᠢ ᠳᠠ ᠪᠢᠳᠠ ᠪᠦᠭᠦᠨ ᠊ᠤ

ᠭᠦᠷᠦᠩᠭᠡ ᠪᠠᠶᠠᠨ ᠤ ᠭᠢ ᠪᠢᠰᠢ ᠡ

ᠭᠦᠳᠡᠭᠡ ᠡᠴᠡ ᠨᠡᠭᠦᠵᠤ ᠢᠷᠡᠭ᠍ᠰᠡᠨ ᠤ ᠳᠤᠬᠠᠢ

ᠭᠦᠭᠡ ᠳᠠᠮᠠᠭ᠎ᠠ ᠲᠡᠶ ᠳᠡᠦᠭᠡ ᠪᠢᠯᠠ᠃

ᠭᠦᠯᠢᠶᠡᠭᠦ ᠰᠢᠭ᠌ ᠰᠠᠢ᠌ᠬᠠᠨ

ᠭᠦᠷᠴᠤ ᠢᠷᠡᠭᠦ ᠮᠠᠷᠭᠠᠰᠢ ᠪᠣᠶᠤ

ᠭᠦᠮᠤᠨ ᠤ ᠬᠠᠢ᠌ᠷ᠎ᠠ ᠪᠠᠷ ᠠᠮᠢᠰᠬᠤᠯᠯᠠᠭᠰᠠᠨ

ᠭᠦᠭᠡᠮᠳᠦᠭ᠌ ᠨᠤᠭᠤᠭᠠᠨ ᠰᠢᠭᠤᠢ ᠲᠡᠶ

ᠡᠨᠡ ᠬᠤᠳᠠ ᠶᠢᠨ ᠵᠡᠭᠡᠯᠢ ᠳᠡᠭᠡᠷ᠎ᠡ

ᠡᠷᠳᠡ ᠶᠢᠨ ᠨᠠᠷᠠ ᠲᠡᠶ ᠬᠠᠮᠳᠤ ᠵᠤᠯᠭᠠᠳᠠᠭ ᠨᠢ

ᠴᠢ ᠪᠢᠳᠠ ᠬᠤᠶᠠᠷ ᠤᠨ

ᠴᠢᠩ ᠬᠠᠢ᠌ᠷ᠎ᠠ ᠶᠢᠨ ᠣᠶᠠᠭ᠎ᠠ ᠰᠢᠤ᠃

ᠦᠳᠡ ᠳᠤᠮᠳᠠ ᠶᠢᠨ ᠨᠠᠷᠠ ᠪᠠᠷ

ᠥᠷᠭᠦᠯᠵᠢ ᠭᠠᠷᠬᠤ ᠳᠤᠷᠠᠳᠠᠢ ᠪᠣᠶᠤ

ᠥᠷᠯᠦᠭᠡ ᠶᠢᠨ ᠭᠦᠢᠳᠡᠨ ᠵᠢᠪᠠᠷ ᠶᠢᠡᠷ

ᠦᠷᠦᠴᠠ ᠳᠡᠨᠢᠭᠦᠨ ᠶᠠᠪᠣᠳᠠᠭ ᠨᠢ

ᠡᠨᠡ ᠬᠤᠳᠠ ᠶᠢᠨ ᠬᠠᠮᠤᠭ ᠶᠡᠭᠡ ᠪᠠᠶᠠᠰᠤᠯ᠃

ᠭᠤᠴᠢᠨ ᠳᠦᠷᠪᠡᠨ ᠊ᠭ᠍‍ᠷᠠᠳᠦ᠋ᠰ ᠤᠨ ᠭᠦᠢᠳᠡᠨ ᠳᠤ

ᠭᠤᠤᠯ ᠮᠦᠰᠤᠳᠤᠵᠤ ᠭᠦᠷᠦᠭᠦ ᠪᠣᠶᠤ

ᠭᠤᠨᠠᠨ ᠰᠦᠨᠢ ᠶᠢᠨ ᠰᠠᠷᠠ ᠳᠤᠤᠷ᠎ᠠ

ᠭᠤᠷᠪᠠᠯᠵᠢᠨ ᠢᠨᠠᠭ ᠡᠭᠦᠰᠭᠦ ᠨᠢ

ᠡᠨᠡ ᠬᠤᠳᠠ ᠳᠤ ᠬᠠᠮᠤᠭ ᠶᠡᠭᠡ ᠭᠤᠮᠤᠳᠠᠯ᠃

ᠵᠠᠮ ᠤᠨ ᠳ᠋ᠸᠩ ᠠᠰᠠᠬᠤ ᠪᠣᠶᠤ

ᠵᠠᠭᠠᠭ ᠱᠤᠭᠤᠮ ᠶᠢᠡᠨ ᠳᠤᠳᠤᠷᠬᠠᠢ ᠳᠠᠨᠢᠳᠠᠭ ᠦᠭᠡᠶ ᠨᠢ

ᠡᠨᠡ ᠬᠤᠳᠠ ᠳᠤ ᠬᠠᠮᠤᠭ ᠶᠡᠭᠡ ᠡ᠊ᠨᠳᠡᠭᠦᠷᠡᠯ᠃

ᠠᠷᠢᠭᠢᠨ ᠮᠤᠬᠤᠯᠠᠭ ᠲᠤ ᠬᠤᠷᠭᠤᠳᠠᠵᠤ

ᠠᠷᠪᠠᠨ ᠭᠤᠷᠪᠠᠳᠤᠭᠠᠷ ᠵᠠᠭᠤᠨ ᠳᠠᠭᠠᠨ ᠰᠤᠭᠳᠤᠬᠤ ᠪᠣᠶᠤ

ᠠᠤᠠᠬᠤᠨ ᠴᠢᠨᠡᠭᠡᠨ ᠪᠠᠯᠴᠢᠭᠡᠷ ᠲᠡᠭᠡᠨ ᠡᠷᠭᠢᠴᠡᠵᠤ

ᠠᠯᠤᠰ ᠤᠨ ᠨᠤᠳᠤᠭ ᠶᠢᠡᠨ ᠰᠠᠨᠠᠳᠠᠭ ᠨᠢ

ᠡᠨᠡ ᠬᠤᠳᠠ ᠶᠢᠨ ᠬᠠᠮᠤᠭ ᠶᠡᠭᠡ ᠮᠥᠷᠦᠭᠡᠳᠦᠯ᠃

ᠣᠮᠠᠷᠠᠳᠤ ᠶᠢᠨ ᠴᠠᠭᠠᠨ ᠥᠨᠡᠭᠡ ᠨᠤᠳᠤᠭᠰᠢᠭᠰᠠᠨ ᠪᠣᠶᠤ

ᠦᠷᠦᠮᠴᠢ ᠶᠢᠨ ᠬᠠᠭᠠᠰ ᠨᠠᠷᠢᠨ ᠨᠤᠤᠰᠤᠳᠤ ᠬᠤᠨᠢ ᠥᠷᠡᠵᠢᠭ᠍ᠰᠡᠨ ᠨᠢ

ᠡᠨᠡ ᠬᠤᠳᠠ ᠳᠤ ᠬᠠᠮᠤᠭ ᠶᠡᠭᠡ ᠡᠭᠦᠳᠦᠯᠳᠡ᠃

ᠡᠳᠦᠷ ᠤᠨ ᠰᠤᠨᠢᠨ ᠳᠠᠩᠳᠠ

ᠣᠷᠣᠢ᠌ᠳᠠᠵᠤ ᠢᠷᠡᠭᠦ ᠪᠣᠶᠤ

ᠴᠠᠭ ᠠᠭᠤᠷ ᠤᠨ ᠮᠡᠳᠡᠭᠡ ᠳᠡᠭᠡᠷ᠎ᠡ

ᠴᠠᠰᠤ ᠲᠡᠶ ᠭᠡᠤᠨ ᠬᠤᠭᠤᠰᠤᠨ ᠪᠣᠯᠳᠠᠭ ᠨᠢ

ᠡᠨᠡ ᠬᠤᠳᠠ ᠶᠢᠨ ᠬᠠᠮᠤᠭ ᠶᠡᠭᠡ ᠣᠰᠤᠯ

ᠨᠠᠮᠤᠷ ᠤᠨ ᠣᠯᠠᠨ ᠡᠳᠦᠷ ᠤᠳ ᠲᠤ

ᠪᠠᠶᠠᠨ ᠰᠦᠩ ᠤᠨ ᠢᠷᠦᠭᠡᠯ

ᠭᠦᠳᠦᠯ ᠳᠠᠪᠠᠵᠤ ᠱᠤᠤᠭᠢᠬᠤ ᠪᠣᠶᠤ

ᠨᠠᠷᠠ ᠪᠢᠳᠡᠭᠦᠤ ᠪᠠᠷ ᠪᠣᠰᠴᠤ

ᠪᠠᠷᠠᠭᠤᠨ ᠵᠥᠭ᠌ ᠲᠤ ᠰᠠᠩ ᠳᠠᠯᠪᠢᠳᠠᠭ ᠨᠢ

ᠡᠨᠡ ᠬᠤᠳᠠ ᠳᠤ ᠬᠠᠮᠤᠭ ᠡᠷᠳᠡᠨ ᠤ ᠦᠪ᠃

ᠭᠡᠵᠢᠶ᠎ᠡ ᠴᠤ ᠮᠠᠷᠳᠠᠵᠤ ᠶᠠᠳᠠᠮ᠎ᠠ

ᠭᠡᠭᠡᠷ᠎ᠡ ᠶᠢᠨ ᠴᠠᠭᠠᠨ ᠬᠤᠨ ᠪᠣᠶᠤ

ᠭᠡᠨ ᠡᠴᠡ ᠴᠤ ᠣᠷᠢᠳᠠᠵᠤ ᠳᠠᠨᠢᠮ᠎ᠠ

ᠭᠡᠷ ᠰᠢᠭ᠌ ᠳᠤᠯᠠᠭᠠᠬᠠᠨ ᠳᠡᠯᠡᠭᠡᠢ ᠮᠢᠨᠢ

ᠡᠷᠭᠢᠨ ᠡᠷᠭᠢᠨ ᠬᠠᠷᠠᠬᠤ ᠳᠤ

ᠡᠩᠭᠡᠷ ᠮᠢᠨᠢ ᠳᠡᠪᠳᠦᠳᠡᠭ᠌ ᠢ ᠮᠡᠳᠡᠳᠡᠭ᠌ ᠪᠣᠯᠪᠠᠤ︖

ᠡᠭᠡᠪᠦᠷ ᠢ ᠨᠢ ᠳᠠᠭᠠᠵᠤ ᠵᠤᠰᠠᠳᠠᠭ

ᠡᠵᠢ ᠯᠠ ᠠᠪᠣ ᠶᠢᠨ ᠢᠷᠦᠭᠡᠯ ᠲᠡᠶ

ᠡᠨᠡ ᠬᠤᠳᠠ ᠶᠢᠨ ᠳᠤᠬᠠᠢ

ᠣᠯᠠᠨ ᠣᠯᠠᠨ ᠪᠣᠳᠤᠯ ᠤᠳ

ᠣᠷᠭᠤᠵᠤ ᠪᠠᠢ᠌ᠳᠠᠭ ᠢ ᠮᠡᠳᠡᠳᠡᠭ᠌ ᠴᠤ ᠪᠣᠯᠪᠠᠤ︕

ᠵᠤᠬᠢᠶᠠᠭᠴᠢ᠄ ᠬᠢ᠊·ᠮᠥᠩᠭᠡᠪᠠᠶᠡᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3212
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ