ᠨᠡᠪᠲᠡᠷᠡᠨ ᠤᠷᠤᠬᠤ
ᠵᠢᠭ᠍ᠵᠢᠳᠮ᠎ᠡ

ᠪᠣᠯᠵᠤᠭ᠎ᠠ ᠪᠠᠷ ᠪᠢᠰᠢ ᠢᠷᠦᠭᠡᠯ ᠶᠢᠡᠷ ᠣᠴᠠᠷᠠᠭᠰᠠᠨ

ᠪᠣᠯᠪᠠᠷᠠᠢ ᠭᠦᠭᠡᠷᠦᠭᠦᠨ ᠦᠬᠢᠨ ᠴᠢᠮ᠎ᠠ ᠳ᠋ᠤ

ᠪᠣᠳᠤᠯ ᠶᠢᠡᠷ ᠪᠢᠰᠢ ᠢᠳᠡᠭᠡᠯ ᠶᠢᠡᠷ ᠣᠶᠠᠷᠠᠭᠰᠠᠨ

ᠪᠣᠯᠭᠢᠯᠠᠬᠤ ᠵᠢᠷᠦᠭᠡᠨ ᠤ ᠬᠠᠢ᠌ᠷ᠎ᠠ ᠶᠢ ᠰᠢᠪᠠᠨᠠᠨᠠᠮ


ᠬᠠᠩᠭᠢᠨ ᠨᠤᠳᠤᠭ ᠤᠨ ᠰᠦᠨᠢ ᠶᠢᠨ ᠠᠭᠠᠷ

ᠬᠠᠩᠭᠢᠨᠠᠮ᠎ᠠ ᠡᠭᠡᠰᠢᠭ᠌ ᠲᠤ ᠣᠶᠠᠰᠤᠭᠠᠤᠨ ᠪᠠᠢ᠌ᠯ᠎ᠠ

ᠬᠠᠷᠢ ᠬᠤᠰᠢᠭᠤᠨ ᠤ ᠦᠬᠢᠨ ᠴᠢᠮ᠎ᠠ ᠵᠢ

ᠬᠠᠢ᠌ᠷᠠᠯᠠᠬᠤ ᠰᠡᠳᠭᠢᠯ ᠳᠦᠷᠦᠭ᠍ᠳᠡᠭᠡᠳ ᠪᠠᠢ᠌ᠯ᠎ᠠ


ᠰᠠᠷᠠᠨ ᠠᠪᠠᠬᠠᠢ ᠰᠢᠭ ᠭᠤᠶᠤᠮᠰᠤᠭ ᠦᠭᠡᠶ ᠴᠤ

ᠰᠠᠢ᠌ᠬᠠᠨ ᠠᠭᠠᠯᠢᠨ ᠳᠤ ᠴᠢᠨᠢ ᠪᠢ ᠰᠤᠭᠳᠤᠭᠤᠷᠠᠪᠠ

ᠰᠠᠷᠭᠠᠢ ᠶᠢᠨ ᠦᠨᠦᠷᠳᠠᠢ ᠰᠦᠨᠢ ᠶᠢᠨ ᠥᠳᠡᠰᠢᠯᠡᠭᠡ ᠳᠡᠭᠡᠷ᠎ᠡ

ᠰᠠᠨᠠᠭ᠎ᠠ ᠰᠡᠳᠭᠢᠯ ᠮᠢᠨᠢ ᠳᠡᠩᠳᠡᠭᠦᠤ ᠳᠤᠭᠳᠤᠯᠪᠠ


ᠨᠠᠢ᠌ᠷ ᠦᠨᠳᠦᠷᠯᠠᠵᠤ ᠵᠤᠴᠢᠨ ᠳᠠᠷᠬᠠᠬᠤ ᠪᠠᠷ

ᠨᠠᠭᠠᠳᠤᠮ ᠤᠨ ᠳᠠᠯᠠᠪᠠᠢ ᠡᠴᠡ ᠴᠢ ᠶᠠᠪᠣᠴᠢᠬᠠᠯ᠎ᠠ

ᠨᠠᠷᠭᠢᠬᠤ ᠵᠠᠪᠰᠢᠶᠠᠨ ᠳᠠᠩᠴᠢ ᠬᠤᠮᠰᠠᠳᠠᠭᠰᠠᠨ ᠡᠴᠡ

ᠨᠠᠠᠳᠢᠨ ᠰᠡᠳᠭᠢᠯ ᠮᠢᠨᠢ ᠳᠤᠮᠳᠠᠭᠤᠷᠬᠠᠨ ᠬᠤᠴᠤᠷᠤᠯ᠎ᠠ


ᠣᠷᠠᠭᠳᠠᠬᠤ ᠰᠢᠬᠠᠭᠰᠠᠨ ᠳᠡᠮᠳᠡᠭᠯᠡᠯ ᠤᠨ ᠳᠠᠪᠳᠠᠷ ᠲᠤ ᠮᠢᠨᠢ

ᠣᠳᠠᠰᠤᠨ ᠨᠤᠮᠸᠷ ᠶᠢᠡᠨ ᠥᠯᠡᠳᠡᠭᠡᠵᠤ ᠦᠭ‍ᠭᠦᠭ᠍ᠰᠡᠨ

ᠣᠳᠤᠭ ᠤᠨ ᠡᠮᠦᠨᠡᠳᠤ ᠶᠢᠨ ᠳᠡᠭ᠍ᠵᠢᠨ ᠦᠬᠢᠨ

ᠣᠰᠬᠠᠯ ᠨᠢᠳᠤᠨ ᠳᠤ ᠮᠢᠨᠢ ᠳᠤᠳᠤᠷᠠᠭᠠᠤᠨ ᠪᠠᠢ᠌ᠬᠤ ᠶᠤᠮ


ᠣᠶᠠᠩᠭ᠋ᠠᠳᠤ ᠭᠦᠭ᠍ᠵᠢᠮ ᠤᠨ ᠠᠶ᠎ᠠ ᠶᠢ ᠳᠠᠭᠠᠵᠤ

ᠣᠯᠢᠶᠠᠷᠬᠠᠭ ᠴᠢᠮ᠎ᠠ ᠶᠢ ᠳᠠᠪᠠᠷᠢᠵᠤ ᠪᠦᠵᠢᠭᠯᠡᠭ᠍ᠰᠡᠨ

ᠣᠬᠤᠷᠬᠠᠨ ᠰᠦᠨᠢ ᠶᠢᠨ ᠪᠠᠶᠠᠷᠳᠤ ᠮᠦᠴᠡ

ᠣᠭᠤᠷᠠᠭ ᠳᠠᠷᠢᠭᠢᠨ ᠳᠤ ᠮᠢᠨᠢ ᠪᠣᠳᠤᠭᠳᠠᠭᠠᠤᠨ ᠪᠠᠢ᠌ᠬᠤ ᠶᠤᠮ


ᠳᠤᠷᠠᠯᠠᠵᠤ ᠳᠤᠭᠳᠤᠯᠤᠭᠰᠠᠨ ᠪᠣᠳᠤᠯ ᠤᠨ ᠬᠠᠷᠭᠤᠢ ᠳ᠋ᠤ

ᠳᠤᠷᠮᠤᠭᠤᠷ ᠨᠢᠳᠤ ᠴᠢᠨᠢ ᠰᠢᠯ ᠲᠡᠶ ᠪᠠᠨ ᠦᠯᠠᠳᠠᠯ᠎ᠠ

ᠳᠤᠷᠠᠰᠴᠤ ᠮᠥᠷᠦᠭᠡᠳᠦᠭ᠍ᠰᠡᠨ ᠰᠡᠳᠭᠢᠯ ᠤᠨ ᠵᠥᠷᠢᠭ᠌ ᠳᠤ

ᠳᠤᠷᠤᠨ᠎ᠠ ᠨᠠᠷ᠎ᠠ ᠴᠢᠨᠢ ᠮᠦᠰᠢᠶᠠᠳᠤ ᠲᠡᠶ ᠪᠠᠨ ᠬᠤᠴᠤᠷᠤᠯ᠎ᠠ


ᠴᠠᠰᠤ ᠬᠠᠶᠠᠯᠠᠭᠰᠠᠨ ᠡᠪᠦᠯ ᠤᠨ ᠰᠦᠨᠢ

ᠴᠢᠮ᠎ᠠ ᠲᠡᠶ ᠣᠴᠠᠷᠠᠵᠤ ᠳᠠᠨᠢᠯᠴᠠᠭᠰᠠᠨ ᠶᠤᠮ

ᠠᠭᠢ ᠥᠶᠡᠯᠵᠡᠭ᠍ᠰᠡᠨ ᠬᠠᠪᠣᠷ ᠤᠨ ᠣᠶᠠᠬᠠᠨ ᠳ᠋ᠤ

ᠠᠭᠢᠭᠠᠤᠨ ᠠᠭᠤᠯᠵᠠᠬᠤ ᠢᠷᠦᠭᠡᠯ ᠲᠡᠶ ᠴᠤ ᠪᠣᠯᠤᠭᠠᠰᠠᠢ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ