☆ ᠡ᠊·ᠳᠠᠮᠤᠷ
ᠭᠢᠯᠢᠰᠳᠡᠭ᠍ᠰᠡᠨ ᠰᠠᠷ᠎ᠠ
ᠦᠴᠦᠭᠡᠳᠦᠷ ᠦᠳᠡᠰᠢ ᠶᠢᠨ ᠰᠠᠷᠠᠨ
ᠡᠭᠦᠯᠡᠨ ᠴᠢᠯᠦᠭᠡ ᠪᠠᠷ ᠴᠤᠬᠣᠢ᠌ᠵᠤ ᠪᠠᠢ᠌ᠪᠠ
ᠡᠪᠭᠡᠷᠡᠭᠦ ᠡᠭᠦᠯᠡᠰ ᠪᠣᠷᠤᠭᠠᠯᠠᠬᠤ ᠦᠭᠡᠶ ᠠᠭᠠᠤᠨ
ᠴᠢᠯᠦᠭᠡ ᠦᠭᠭᠦ ᠦᠭᠡᠶ ᠨᠤᠤᠷᠠᠯᠳᠤᠨᠠ
ᠦᠣᠷ ᠰᠦᠨᠢ ᠶᠢᠨ ᠵᠠᠭᠠᠭ ᠶᠢᠡᠷ
ᠦᠷᠦᠪᠴᠢᠭᠡᠨ ᠳᠤᠶᠠᠭ᠎ᠠ ᠪᠠᠨ ᠰᠠᠴᠤᠭᠰᠠᠨ ᠢ
ᠭᠡᠨ ᠴᠤ ᠮᠡᠳᠡᠭ᠍ᠰᠡᠨ ᠦᠭᠡᠶ᠁
ᠰᠠᠷ᠎ᠠ
ᠬᠠᠶᠠ ᠳᠡᠷᠭᠡᠯᠰᠢᠵᠤ ᠬᠠᠶᠠ ᠬᠠᠪᠢᠷᠭᠠᠯᠠᠨᠠ
ᠪᠣᠰᠤᠳ ᠤᠨ ᠭᠡᠭᠡ ᠶᠢ ᠳᠠᠮᠵᠢᠭᠤᠯᠤᠭᠰᠠᠨ ᠡᠴᠡ
ᠨᠠᠷᠠ ᠰᠢᠭ
ᠥᠩᠭᠡ ᠲᠡᠶ ᠪᠠᠢ᠌ᠵᠤ ᠴᠢᠳᠠᠭᠰᠠᠨ ᠦᠭᠡᠶ ᠴᠤ
ᠰᠦᠨᠢ ᠴᠢᠮ᠎ᠠ ᠶᠢ ᠮᠠᠷᠳᠠᠵᠤ ᠴᠢᠳᠠᠬᠤ ᠦᠭᠡᠶ ᠥᠭᠡᠢ᠌ᠯᠡᠨ᠎ᠡ
ᠰᠠᠷ᠎ᠠ
ᠬᠠᠶᠠ ᠬᠠᠪᠢᠷᠭᠠᠯᠠᠵᠤ ᠬᠠᠶᠠ ᠳᠡᠷᠭᠡᠯᠰᠢᠨ᠎ᠡ
ᠪᠦᠳᠤᠨ ᠪᠠᠢ᠌ᠳᠠᠭ ᠦᠭᠡᠶ ᠬᠤᠷᠸ᠎ᠠ ᠶᠢᠨ ᠵᠢᠮ᠎ᠠ ᠶᠢ
ᠡᠯᠢᠭᠡᠨ ᠳᠤ ᠪᠠᠨ ᠪᠠᠭᠳᠠᠭᠠᠵᠤ ᠴᠢᠳᠠᠭᠰᠠᠨ ᠴᠤ
ᠠᠯᠠᠭ ᠬᠤᠷᠸ᠎ᠠ ᠶᠢᠨ ᠡᠷᠢᠶᠡᠨ ᠪᠣᠳᠤᠯ ᠳᠤ
ᠡᠩᠰᠡᠷᠡᠳᠡᠯ᠎ᠡ ᠪᠠᠨ ᠴᠢ ᠭᠢᠯᠢᠰᠳᠠᠪᠠ
ᠬᠤᠯᠠᠭᠢ ᠳᠠᠷᠠ ᠨᠤᠳᠤᠭ
ᠬᠤᠯᠠᠭᠢ ᠳᠠᠷᠠ ᠨᠤᠳᠤᠭ ᠲᠤ
ᠰᠡᠳᠭᠢᠯ ᠳᠠᠩᠴᠢ ᠬᠤᠷᠭᠤᠳᠠᠨ᠎ᠠ
ᠬᠤᠮᠠᠭ ᠡᠯᠡᠰᠤ ᠲᠡᠶ ᠨᠤᠳᠤᠭ ᠮᠢᠨᠢ
ᠵᠢᠷᠦᠭᠡ ᠡᠮᠵᠡᠭᠯᠡᠭᠦᠯᠵᠤ ᠰᠢᠭᠤᠷᠠᠨ᠎ᠠ
ᠥᠡᠳᠦᠷᠯᠢᠭ᠌ ᠤᠨ ᠮᠤᠩᠭ᠋ᠤᠯ ᠣᠷᠤᠨ ᠤ ᠮᠢᠨᠢ
ᠠᠭᠤᠯᠠᠰ ᠢ ᠨᠢ ᠣᠢ ᠪᠦᠷᠭᠦᠵᠤ ᠪᠠᠢ᠌ᠭᠰᠠᠨ
ᠥᠩᠭᠡᠰᠢᠭ᠌ ᠨᠤᠭᠤᠭᠠᠨ ᠳᠠᠯ᠎ᠠ ᠳᠤ ᠮᠢᠨᠢ
ᠠᠳᠤᠭᠤᠨ ᠰᠦᠷᠦᠭ᠌ ᠬᠣᠢ᠌ᠯᠠᠷᠠᠵᠤ ᠪᠠᠢ᠌ᠭᠰᠠᠨ
ᠬᠤᠯᠠᠭᠢ ᠳᠠᠷᠠ ᠨᠤᠳᠤᠭ ᠢ ᠳᠤᠷᠠᠰᠬᠤ ᠳᠤ
ᠬᠤᠨᠤᠭ ᠤᠨ ᠵᠡᠭᠦᠳᠤᠨ ᠳᠤ ᠳᠠᠯ᠎ᠠ ᠮᠢᠨᠢ ᠢᠷᠠᠨ᠎ᠠ
ᠠᠭᠤᠯᠠᠰ ᠤᠨ ᠴᠤᠤᠷᠢᠶ᠎ᠠ ᠴᠢᠭᠢᠨ ᠳᠤ ᠴᠤᠯᠭᠣᠢ᠌ᠷᠠᠵᠤ
ᠣᠢ ᠶᠢᠨ ᠪᠠᠷ᠎ᠠ ᠬᠠᠷᠠᠭᠠᠨ ᠥᠵᠦᠭᠦᠷ ᠦᠨᠦᠴᠢᠷᠠᠨ᠎ᠠ
ᠬᠤᠯᠠᠭᠢ ᠳᠠᠷᠠ ᠨᠤᠳᠤᠭ ᠲᠤ
ᠶᠠᠭᠠᠭᠢᠬᠤ ᠶᠢᠨ ᠠᠷᠭ᠎ᠠ ᠦᠭᠡᠶ ᠰᠡᠳᠭᠢᠯ ᠬᠤᠷᠭᠤᠳᠠᠨ᠎ᠠ
ᠦᠪᠡᠷ ᠤᠨ ᠶᠢᠡᠨ ᠰᠢᠯᠢᠳᠡᠭ᠌ ᠰᠤᠷᠳᠠᠯ ᠶᠢᠡᠨ
ᠦᠷᠦᠭᠡᠯ ᠤᠨ ᠡᠭᠦᠳᠡᠨ ᠡᠴᠡ ᠰᠥᠭᠦᠷᠴᠤ ᠭᠤᠶᠤᠨ᠎ᠠ ᠦᠦ︖
ᠦᠴᠦᠭᠡᠳᠦᠷ ᠤᠨ ᠪᠣᠯᠤᠭᠰᠠᠨ ᠦᠨᠡᠨ ᠳᠡᠦᠭᠡ
ᠦᠷᠤᠴᠠᠨ ᠤ ᠮᠢᠨᠢ ᠳᠠᠯ᠎ᠠ ᠳᠤ ᠨᠠᠭᠢᠶᠠᠯᠠᠵᠤ ᠣᠷᠭᠤᠨ᠎ᠠ ᠦᠦ︖
ᠳᠠᠭᠠᠨ᠎ᠠ ᠶᠢᠨ ᠦᠨᠦᠷ ᠲᠡᠶ ᠳᠠᠯ᠎ᠠ ᠶᠢᠨ ᠦᠷᠤᠴᠠᠨ ᠳᠤ
ᠳᠠᠩᠰᠤᠭ ᠰᠦᠷᠦᠭ᠌ ᠮᠢᠨᠢ ᠳᠠᠭᠢᠵᠤ ᠠᠮᠢᠯᠠᠨ᠎ᠠ ᠦᠦ︖
ᠠᠠᠵᠢᠰᠤᠨ ᠬᠤᠰᠢᠭᠤᠨ ᠳᠤ ᠰᠢᠷᠬᠠᠯᠠᠭᠰᠠᠨ ᠳᠠᠯ᠎ᠠ ᠮᠢᠨᠢ
ᠬᠠᠯᠢᠭᠤᠷᠠᠬᠤ ᠪᠠᠯᠴᠢᠭᠡᠷ ᠲᠤ ᠪᠠᠨ ᠪᠣᠴᠠᠳᠠᠭ ᠪᠢᠯᠢᠤ︖
ᠳᠡᠦᠭᠡᠨ ᠨᠤᠮ
ᠥᠩᠭᠡᠷᠡᠭ᠍ᠰᠡᠨ ᠳᠤ ᠡᠪᠦᠭᠡ ᠮᠢᠨᠢ ᠴᠤᠭᠤᠷ ᠳᠠᠳᠠᠵᠤ ᠪᠠᠢ᠌ᠭᠰᠠᠨ
ᠦᠴᠦᠭᠡᠳᠦᠷ ᠠᠪᠣ ᠮᠢᠨᠢ ᠥᠯᠢᠭᠡᠷ ᠶᠠᠷᠢᠵᠤ ᠪᠠᠢ᠌ᠭᠰᠠᠨ
ᠣᠯᠠᠨ ᠣᠯᠠᠨ ᠭᠦᠮᠦᠰ ᠱᠤᠬᠤᠷᠬᠠᠵᠤ ᠪᠠᠢ᠌ᠭᠰᠠᠨ
ᠦᠨᠦᠳᠤᠷ ᠪᠢ ᠮᠤᠩᠭ᠋ᠤᠯ ᠨᠠᠢ᠌ᠷᠠᠭ ᠳᠡᠭᠦᠭᠦ ᠳᠤ
ᠣᠩᠰᠢᠭᠴᠢ ᠬᠤᠮᠰᠠᠳᠠᠭᠠᠤᠨ ᠣᠬᠠᠭ᠎ᠠ ᠮᠢᠨᠢ ᠡᠪᠠᠳᠦᠨ᠎ᠡ
ᠨᠤᠮ ᠤᠨ ᠳᠡᠯᠭᠡᠭᠦᠷ ᠡᠴᠡ ᠳᠡᠦᠭᠡᠨ ᠨᠤᠮ ᠬᠠᠢ᠌ᠬᠤ ᠳᠤ
ᠨᠢᠭᠤᠵᠤ ᠭᠡᠪᠯᠡᠭ᠍ᠰᠡᠨ ᠵᠤᠳᠤᠭᠠᠨ ᠲᠡᠶ ᠨᠤᠮ ᠢ
ᠨᠠᠯᠢᠶᠠᠤᠨ ᠣᠯᠠᠨ ᠢ ᠨᠠᠳᠠ ᠭᠠᠷᠳᠠᠭᠤᠯᠤᠨ᠎ᠠ
ᠮᠤᠩᠭ᠋ᠤᠯ ᠶᠢᠡᠷ ᠭᠡᠪᠯᠡᠭ᠍ᠰᠡᠨ ᠳᠡᠦᠭᠡᠨ ᠨᠤᠮ ᠠᠪᠣᠶ᠎ᠠ ᠭᠡᠭᠦ ᠳᠤ
《ᠮᠸᠢ ᠶᠢᠤ》 ᠭᠡᠳ ᠵᠦᠯᠴᠢ᠌ᠵᠤ ᠶᠠᠪᠣᠨ᠎ᠠ
ᠠᠢ ᠳ᠋ᠠ᠂ ᠬᠤᠭᠢ ᠨᠢ ᠳᠠᠷᠠ
ᠭᠡᠨ ᠨᠠᠳᠠ ᠶᠢ ᠳᠡᠭᠡᠳᠦᠰ ᠤᠨ ᠶᠢᠡᠨ ᠳᠡᠦᠭᠡ ᠶᠢ ᠭᠦᠷᠳᠡᠯ᠎ᠡ
ᠮᠠᠳᠠᠯ ᠦᠭᠡᠶ ᠶᠠᠪᠣ ᠭᠡᠯᠡ︕
ᠰᠤᠨᠢᠨ ᠶᠠᠭᠤ ᠪᠠᠢ᠌ᠨ᠎ᠠ
ᠰᠤᠨᠢᠨ ᠶᠠᠭᠤ ᠪᠠᠢ᠌ᠨ᠎ᠠ ᠭᠡᠵᠤ
ᠰᠤᠨᠢᠭᠤᠴᠢᠯᠠᠵᠤ ᠪᠢ ᠨᠠᠢ᠌ᠵᠠ ᠡᠴᠡ ᠪᠠᠨ ᠠᠰᠠᠭᠤᠬᠤ ᠳᠤ
ᠰᠢᠭᠤᠷᠭ᠎ᠠ ᠭᠡᠴᠡᠭᠦᠤ ᠪᠠᠢ᠌ᠨ᠎ᠠ ᠭᠡᠵᠤ ᠣᠳᠠᠰᠤᠨ ᠴᠠᠭᠠᠨ᠎ᠠ ᠡᠴᠡ
ᠪᠦᠦᠷ ᠳᠦᠦᠷᠭᠡᠨ ᠰᠤᠨᠤᠰᠳᠠᠨ᠎ᠠ
ᠰᠢᠯᠢ ᠶᠢᠨ ᠭᠤᠤᠯ ᠳᠤ ᠴᠠᠰᠤ ᠣᠷᠤᠴᠢᠬᠠᠭᠰᠠᠨ ᠭᠡᠵᠤ
ᠬᠠᠵᠠᠭᠤ ᠳ᠋ᠠᠭᠢ ᠬᠠᠨᠢᠳᠠᠤᠨ ᠳᠤ ᠪᠠᠨ ᠮᠡᠷᠭᠡᠯᠡᠭᠦ ᠳᠤ
ᠴᠠᠰᠤ ᠪᠢᠰᠢ᠂ ᠰᠢᠷ᠎ᠠ ᠡᠯᠡᠰᠤ ᠡ︕ ᠭᠡᠵᠤ
ᠨᠠᠢ᠌ᠵᠠ ᠮᠢᠨᠢ ᠠᠭᠤᠷᠳᠠᠢ ᠦᠴᠢᠨᠠ ᠪᠢᠯᠠ︕
ᠰᠤᠨᠢᠨ ᠶᠠᠭᠤ ᠪᠠᠢ᠌ᠨ᠎ᠠ ᠭᠡᠵᠤ
ᠰᠤᠷᠤᠭᠴᠢᠳ ᠡᠴᠡ ᠪᠠᠨ ᠠᠰᠠᠭᠤᠬᠤ ᠳᠤ
ᠦᠨᠦ ᠭᠡᠳᠤᠨ ᠡᠳᠦᠷ ᠢᠮᠠᠭ᠎ᠠ ᠪᠠᠷᠢᠵᠤ ᠪᠠᠢ᠌ᠨ᠎ᠠ ᠭᠡᠨ᠎ᠡ ᠭᠡᠵᠤ
ᠠᠷᠪᠠᠭᠠᠳᠬᠠᠨ ᠨᠠᠰᠤ ᠲᠡᠶ ᠬᠡᠦᠬᠡᠳ ᠤᠳ ᠮᠢᠨᠢ
ᠭᠡᠯᠡ ᠪᠠᠨ ᠪᠣᠯᠳᠠᠯᠵᠠᠭᠤᠯᠤᠨ ᠪᠣᠯᠢᠶᠠᠯᠳᠤᠨ ᠶᠠᠷᠢᠬᠤ ᠳᠤ
ᠳᠦᠭᠦᠭᠡ ᠲᠡᠶ ᠰᠢᠭ᠌ ᠨᠢᠭᠡ ᠨᠢ
ᠪᠠᠭᠰᠢ ᠳᠠ ᠢᠮᠠᠭ᠎ᠠ ᠲᠡᠶ ᠦᠦ︖ ᠪᠢ ᠪᠠᠷᠰ ᠲᠡᠶ ᠭᠡᠵᠤ
ᠲᠦᠪ ᠴᠢᠷᠠᠢ᠌ᠯᠠᠴᠢᠬᠠᠭᠰᠠᠨ ᠠᠰᠠᠭᠤᠨ᠎ᠠ ᠪᠢᠯᠠ
ᠶᠠᠭᠠᠭᠢᠬᠤᠪ ᠳ᠋ᠠ᠂ ᠭᠦᠭᠡᠷᠦᠭᠦᠢ︕
ᠴᠢᠨ᠋ᠸ᠎ᠠ
ᠪᠣᠰᠤᠳ ᠤᠨ ᠶᠠᠭᠤᠮᠠᠨ ᠳᠤ ᠳᠤᠷᠠᠯᠠᠵᠤ
ᠰᠦᠨᠢ ᠪᠠᠷ ᠵᠢᠷᠤᠭᠠᠯᠠᠭᠰᠠᠨ ᠬᠤᠪᠢᠠᠴᠢᠷ ᠪᠣᠳᠤᠯ
ᠪᠠᠢ᠌ᠭᠠᠯᠢ ᠣᠷᠴᠢᠨ ᠲᠡᠶ ᠪᠠᠨ ᠵᠤᠭᠢᠴᠠᠯᠳᠤᠭᠰᠠᠨ
ᠰᠥᠵᠢᠭ᠌ ᠳᠠᠭᠠᠵᠤ ᠨᠢᠯᠪᠣᠷᠠᠬᠤ ᠪᠠᠭ
ᠦᠷᠦᠭᠡᠯ ᠢ ᠭᠠᠢ᠌ᠳᠠᠭᠤᠯᠤᠨ ᠦᠪᠡᠷ ᠢ ᠪᠠᠨ ᠪᠣᠷᠳᠤᠬᠤ
ᠴᠢᠨᠤ ᠠᠰᠢᠭ ᠢ ᠭᠠᠳᠠᠭᠰᠢ ᠰᠠᠴᠤᠭᠰᠠᠨ ᠨᠠᠷᠠ
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ