☆ ᠤᠢ᠌ᠳᠣᠪ · ᠫᠢᠯᠵᠢᠳ
ᠬᠦᠯᠦᠨ ᠪᠤᠢ᠌ᠷ ᠤᠨ ᠥᠭᠡᠯᠡᠳ ᠤᠨ ᠮᠤᠩᠭ᠋ᠤᠯ ᠰᠦᠮ᠎ᠡ ᠬᠡᠢ᠌ᠳ
ᠵᠡᠭᠦᠡᠭᠠᠷ ᠬᠠᠭᠠᠠᠳᠤ ᠣᠯᠤᠰ ᠤᠨ ᠮᠠᠠᠵᠤ ᠴᠢᠩ ᠳᠡᠬᠢ ᠡᠰᠡᠷᠬᠦᠴᠡᠯ ᠳᠡᠮᠡᠴᠡᠯ ᠵᠠᠭᠤ ᠭᠠᠷᠤᠢ ᠵᠢᠯ ᠥᠷᠬᠦᠯᠵᠢᠯᠡᠵᠤ ᠡᠴᠦᠰ ᠳᠡᠬᠡᠨ ᠢᠯᠡᠬᠳᠡᠬᠰᠡᠨ ᠪᠠᠢ᠌ᠨ᠎ᠠ᠃
ᠴᠢᠩ ᠣᠯᠤᠰ ᠮᠤᠩᠭ᠋ᠤᠯ ᠣᠷᠤᠨ ᠢ ᠡᠵᠡᠯᠡᠨ ᠠᠪᠣᠭᠰᠠᠨ ᠤ ᠳᠠᠷᠠᠭ᠎ᠠ᠂ ᠡᠷᠡᠯᠭᠡᠭ᠌ ᠪᠠᠭᠠᠳᠤᠷᠯᠢᠬ ᠮᠤᠩᠭ᠋ᠤᠯ ᠦᠨᠳᠦᠰᠦᠳᠠᠨ ᠢ ᠪᠦᠷᠢᠮᠦᠰᠤᠨ ᠡᠵᠡᠮᠰᠢᠭᠦ ᠶᠢᠨ ᠳᠤᠰᠡᠳᠡ᠂ ᠬᠠᠭᠠᠴᠠᠭᠤᠯᠬᠤ᠂ ᠢᠯᠪᠢᠨ ᠳᠠᠭᠠᠭᠤᠯᠬᠤ᠂ ᠨᠤᠮᠤᠠᠬᠠᠤᠠᠬᠠᠬᠤ᠂ ᠮᠤᠩᠬᠠᠷᠠᠭᠤᠯᠬᠤ ᠲᠦᠷᠦ ᠶᠢᠨ ᠪᠣᠳᠤᠯᠭ᠎ᠠ ᠠᠪᠤᠪᠡ᠃ ᠮᠤᠩᠭ᠋ᠤᠯᠴᠤᠳ ᠳᠠᠭᠢᠨ ᠭᠦᠴᠦᠷᠭᠡᠭ᠍ᠵᠢᠨ ᠮᠠᠠᠵᠤ ᠶᠢᠨ ᠨᠤᠶᠠᠷᠬᠠᠯ ᠳᠤ ᠣᠴᠠᠷᠭᠤᠯᠵᠤ ᠮᠡᠳᠡᠭᠦ ᠠᠶᠤᠯ ᠤᠨ ᠦᠨᠳᠦᠰᠦ ᠶᠢ ᠳᠣᠢ᠌ᠯᠪᠣᠷᠢᠳᠠᠢ ᠠᠷᠢᠯᠭᠠᠬᠤ ᠶᠢᠨ ᠳᠤᠰᠡᠳᠡ᠂ ᠮᠤᠩᠭ᠋ᠤᠯ ᠣᠷᠤᠨ ᠳᠤ ᠪᠣᠷᠬᠠᠨ ᠱᠠᠰᠢᠨ ᠢ ᠶᠡᠭᠡᠪᠠᠷ ᠳᠡᠯᠭᠡᠷᠡᠭᠦᠯᠤᠨ᠂ ᠳᠦᠷᠪᠡᠨ ᠵᠠᠭᠤ ᠭᠠᠷᠤᠢ ᠰᠦᠮ᠎ᠡ ᠭᠡᠢ᠌ᠤᠨ ᠪᠠᠢ᠌ᠭᠤᠯᠤᠬᠰᠡᠨ ᠪᠠᠢ᠌ᠨ᠎ᠠ᠃ ᠡᠭᠦᠨ ᠳᠤ᠂ ᠭᠦᠯᠤᠨ ᠪᠣᠢ᠌ᠷ ᠠᠢ᠌ᠮᠠᠭ ᠤᠨ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠢᠮᠢᠨ ᠰᠤᠮᠤ ᠳᠤ ᠥᠭᠡᠯᠡᠳ ᠮᠤᠩᠭ᠋ᠤᠯᠴᠤᠳ ᠤᠨ ᠰᠦᠮ᠎ᠡ ᠪᠣᠢ᠂ ᠳᠤᠰ ᠰᠦᠮ᠎ᠡ ᠶᠢ ᠮᠠᠠᠵᠤ ᠴᠢᠩ ᠣᠯᠤᠰ ᠤᠨ ᠬᠠᠭᠠᠨ ᠡᠴᠠ《 ᠪᠣᠶᠠᠨ ᠴᠤᠭᠯᠠᠭᠤᠯᠤᠭᠴᠢ ᠰᠦᠮ᠎ᠡ 》 ᠭᠡᠮᠡᠭᠦ ᠨᠠᠷᠠ ᠬᠠᠢ᠌ᠷᠠᠯᠠᠵᠤ᠂ ᠲᠦᠷᠦ ᠶᠢᠨ ᠰᠦᠮ᠎ᠡ ᠶᠢᠨ ᠨᠢᠭᠡ ᠪᠣᠯᠭᠠᠭᠰᠠᠨ ᠪᠠᠢ᠌ᠨ᠎ᠠ᠃ ᠪᠡᠰᠡ ᠰᠤᠮᠤ ᠶᠢᠨ ᠰᠥᠮ᠎ᠡ ᠭᠡᠵᠤ ᠪᠠᠢ᠌ᠭᠰᠠᠨ ᠶᠤᠮ ᠃ ᠭᠦᠯᠤᠨ ᠪᠣᠢ᠌ᠷ ᠤᠨ ᠥᠭᠡᠯᠡᠳ ᠢ ᠦᠵᠢ ᠰᠤᠮᠤ ( ᠨᠢᠭᠡᠳᠦᠭᠡᠷ) ᠂ ᠵᠠᠢ ᠰᠤᠮᠤ ( ᠬᠤᠶᠠᠳᠤᠭᠠᠷ ) ᠭᠡᠵᠤ ᠬᠤᠶᠠᠷ ᠰᠤᠮᠤ ᠪᠣᠯᠭᠠᠨ ᠬᠤᠪᠢᠶᠠᠵᠤ ᠪᠠᠢ᠌ᠭᠰᠠᠨ ᠡᠴᠠ ᠨᠠᠨ ᠬᠤᠶᠠᠷ ᠰᠤᠮᠤ ᠨᠢ ᠳᠤᠰ ᠳᠤᠰ ᠲᠠᠭᠠᠨ ᠴᠦᠮ ᠰᠦᠮ᠎ᠡ ᠲᠡᠶ ᠪᠠᠢ᠌ᠭᠰᠠᠨ ᠪᠠᠢ᠌ᠨ᠎ᠠ᠃
ᠵᠠᠢ ᠰᠤᠮᠤ ᠶᠢᠨ ᠰᠦᠮ᠎ᠡ ᠠᠡᠭᠬ᠎ᠠ ᠡᠭᠢᠯᠡᠨ ᠰᠢᠨᠡᠭᠡᠨ ᠳᠤ ᠪᠠᠢ᠌ᠭᠤᠯᠤᠭᠳᠠᠨ ᠰᠡᠭᠦᠯ ᠳ᠋ᠤᠨᠢ ᠢᠪᠠᠭᠡᠯᠳᠤ ᠣᠪᠣᠭ᠎ᠠ ᠶᠢᠨ ᠡᠮᠦᠨ᠎ᠡ ᠡᠩᠭᠡᠷ ᠲᠤ ᠰᠢᠯᠵᠢᠭᠦᠯᠤᠨ ᠨᠡᠭᠦᠯᠭᠡᠪᠡ ᠃ ᠬᠤᠵᠢᠮ ᠨᠢ ᠳᠤᠰ ᠰᠦᠮ᠎ᠡ ᠳ᠋ᠤ ᠭᠡᠳᠤᠨ ᠯᠠᠮᠠ ᠥᠭᠦᠭ᠍ᠰᠡᠨ ᠡᠴᠠ 《 ᠰᠦᠮ᠎ᠡ ᠪᠣᠵᠠᠷᠳᠠᠯ᠎ᠠ 》 ᠭᠡᠮᠡᠨ 1910 ᠣᠨ ᠤ ᠦᠶ᠎ᠡ ᠪᠠᠷ ᠰᠦᠮ᠎ᠡ ᠶᠢ ᠪᠠᠭᠤᠯᠭᠠᠨ ᠰᠦᠮ᠎ᠡ ᠶᠢᠨ ᠶᠠᠭᠤᠮ᠎ᠠ ᠶᠢ 《 ᠪᠣᠮᠪᠠᠨ ᠰᠦᠮ᠎ᠡ 》 ᠳᠤ ᠰᠢᠯᠵᠢᠭᠦᠯᠪᠡ᠃
ᠦᠵᠢ ᠰᠤᠮᠤ ᠶᠢᠨ ᠰᠦᠮ᠎ᠡ ᠨᠢ ᠮᠠᠷᠠᠵᠠ ᠳᠤ ( ᠣᠳᠤ ᠶᠢᠨ ᠢᠮᠢᠨ ᠰᠤᠮᠤ ᠶᠢᠨ ᠰᠠᠭᠤᠭ᠎ᠠ ᠭᠠᠵᠠᠷ ) ᠪᠠᠢ᠌ᠭᠰᠠᠨ ᠶᠤᠮ᠃ ᠮᠠᠷᠠᠵᠠ ᠭᠡᠳᠡᠭ᠌ ᠨᠢ ᠬᠤᠵᠢᠷ ᠲᠡᠶ ᠭᠠᠵᠠᠷ ᠢ ᠭᠡᠯᠡᠳᠡᠭ᠌᠃ ᠬᠤᠵᠢᠷ ᠮᠠᠷᠠᠵᠠ ᠲᠡᠶ ᠨᠠᠮᠤᠭ ᠳᠤᠤᠷ᠎ᠠ ᠭᠠᠵᠠᠷ ᠳᠤᠯᠠ ᠰᠦᠮ᠎ᠡ ᠶᠢᠨ ᠭᠡᠷ ᠲᠤ ᠣᠰᠤ ᠣᠷᠤᠵᠤ᠂ ᠰᠦᠮ᠎ᠡ ᠶᠢᠨ ᠪᠠᠷᠢᠯᠭ᠎ᠠ ᠡᠪᠳᠡᠷᠡᠭ᠍ᠰᠡᠨ ᠡᠴᠠ ᠳᠤᠰ ᠰᠦᠮ᠎ᠡ ᠶᠢ ᠪᠠᠭᠤᠯᠭᠠᠨ ᠰᠦᠮ᠎ᠡ ᠶᠢᠨ ᠶᠠᠭᠤᠮ᠎ᠠ ᠶᠢ ᠴᠦᠮ 《 ᠪᠣᠮᠪᠠᠨ ᠰᠦᠮ᠎ᠡ 》 ᠳᠤ ᠰᠢᠯᠵᠢᠭᠦᠯᠦᠭ᠍ᠰᠡᠨ ᠪᠡᠢ᠌ᠳᠡᠬ᠃
ᠳᠤᠬᠠᠢ ᠶᠢᠨ ᠦᠶ᠎ᠡ ᠳᠤ ᠬᠤᠶᠠᠷ ᠰᠤᠮᠤ ᠲᠡᠶ ᠥᠭᠡᠯᠡᠳ ᠬᠤᠰᠢᠭᠤ ᠨᠢ ᠰᠤᠮᠤᠨ ᠤ ᠰᠦᠮ᠎ᠡ ᠭᠡᠢ᠌ᠤᠨ ᠲᠡᠶ ᠪᠠᠢ᠌ᠭᠰᠠᠨ ᠶᠢᠡᠷ ᠦᠯᠦ ᠪᠠᠷᠠᠨ ᠬᠤᠰᠢᠭᠤᠨ ᠤ ᠰᠦᠮ᠎ᠡ ᠭᠡᠢ᠌ᠤᠨ ᠲᠡᠶ ᠪᠠᠢ᠌ᠭᠰᠠᠨ ᠶᠤᠮ ᠃ ᠡᠨᠡᠭᠦ ᠬᠤᠰᠢᠭᠤᠨ ᠤ ᠰᠦᠮ᠎ᠡ ᠭᠡᠢ᠌ᠤᠨ ᠢ ᠡᠯᠳᠡᠪ ᠰᠢᠯᠳᠠᠭᠠᠨ ᠡᠴᠠ ᠪᠣᠯᠵᠤ ᠳᠠᠪᠤᠨ ᠣᠳᠠᠭ᠎ᠠ ᠨᠡᠭᠦᠯᠭᠡᠨ ᠰᠢᠯᠵᠢᠭᠦᠯᠦᠭ᠍ᠰᠡᠨ ᠪᠠᠢ᠌ᠨ᠎ᠠ ᠃
ᠨᠢᠭᠡ᠂ ᠪᠣᠶᠠᠨ ᠴᠤᠭᠯᠠᠭᠤᠯᠤᠭᠴᠢ ᠰᠦᠮ᠎ᠡ
ᠣᠳᠤ ᠶᠢᠨ ᠬᠠᠢ᠌ᠯᠠᠷ ᠬᠤᠳᠠ ᠡᠴᠠ ᠡᠮᠦᠨᠡᠰᠢ ᠵᠠᠭᠤ ᠳᠠᠪᠢᠨ ᠭᠠᠵᠠᠷ ᠤᠨ ᠥᠵᠦᠭᠦᠷ ᠳ᠋ᠤ《 ᠪᠣᠶᠠᠨ ᠴᠤᠭᠯᠠᠭᠤᠯᠤᠭᠴᠢ》 ᠭᠡᠮᠡᠭᠦ ᠨᠠᠷᠠ ᠲᠡᠶ ᠰᠦᠮ᠎ᠡ ᠪᠠᠢ᠌ᠪᠠ᠃ ᠳᠤᠰ ᠰᠦᠮ᠎ᠡ ᠶᠢ ᠮᠠᠠᠵᠤ ᠴᠢᠩ ᠣᠯᠤᠰ ᠤᠨ ᠳᠡᠭ᠍ᠷᠢ ᠳᠡᠦᠡᠭᠦᠭ᠍ᠴᠢ ᠶᠢᠨ ᠳᠠᠪᠢᠳᠤᠭᠠᠷ ᠣᠨ (1785) ᠳᠤ ᠪᠠᠢ᠌ᠭᠤᠯᠤᠭᠰᠠᠨ ᠶᠤᠮ᠃ ᠳᠤᠰ ᠰᠦᠮ᠎ᠡ ᠶᠢᠨ ᠬᠠᠭᠤᠴᠢᠨ ᠰᠠᠭᠤᠷᠢ ᠪᠠᠭᠤᠴᠠ ᠶᠢᠨ ᠥᠯᠡᠳᠡᠭ᠍ᠳᠡᠯ ᠨᠢ ᠣᠳᠤ ᠶᠢᠨ ᠬᠤᠰᠢᠭᠤ ᠣᠪᠣᠭ᠎ᠠ (ᠡᠷᠳᠡᠨᠢ ᠪᠠᠳᠠᠷᠠᠬᠤ ᠣᠪᠣᠭ᠎ᠠ) ᠶᠢᠨ ᠠᠭᠤᠯᠠ ᠤ ᠡᠮᠤᠨ᠎ᠡ ᠳᠠᠮᠠᠢ ᠬᠤᠯᠠ ᠦᠭᠡᠶ ᠭᠠᠵᠠᠷ ᠪᠠᠢ᠌ᠨ᠎ᠠ᠃ ᠳᠤᠰ ᠰᠦᠮ᠎ᠡ ᠨᠢ ᠡᠮᠦᠨ᠎ᠡ ᠪᠠᠨ ᠮᠠᠬᠠᠷᠠᠠᠽᠠ ᠶᠢᠨ ᠰᠦᠮ᠎ᠡ ᠲᠡᠶ ᠪᠦᠭᠡᠤᠨ ᠳᠤᠮᠤ ᠭᠦᠷᠢᠶ᠎ᠡ ᠲᠡᠶ ᠪᠠᠢ᠌ᠵᠤ᠂ ᠭᠦᠷᠢᠶᠡᠨ ᠤ ᠳᠤᠮᠳᠠ ᠨᠢ ᠳᠤᠭᠠᠩ ᠰᠦᠮ᠎ᠡ ᠲᠡᠶ᠃ ᠳᠤᠭᠠᠩ ᠰᠦᠮ᠎ᠡ ᠶᠢᠨ ᠬᠣᠢ᠌ᠨ᠎ᠠ ᠨᠢ ᠰᠢᠳᠦᠭᠡᠨ ᠰᠦᠮ᠎ᠡ ᠲᠡᠶ᠂ ᠰᠢᠳᠦᠭᠡᠨ ᠰᠦᠮ᠎ᠡ ᠶᠢᠨ ᠪᠠᠷᠠᠭᠤᠨ ᠪᠠ ᠵᠡᠭᠦᠨ ᠳᠠᠯ᠎ᠠ ᠳ᠋ᠤᠨᠢ ᠱᠠᠮᠫᠠᠨ ᠰᠦᠮ᠎ᠡ ᠲᠡᠶ ᠪᠠᠢ᠌ᠵᠠᠢ᠃ ᠰᠦᠮ᠎ᠡ ᠶᠢᠨ ᠭᠦᠷᠢᠶᠡᠨ ᠤ ᠭᠠᠳᠠᠨ᠎ᠠ ᠳᠠᠯ᠎ᠠ ᠶᠢᠨ ᠵᠡᠭᠦᠨ ᠳ᠋ᠤᠨᠢ ᠯᠠᠮᠠ ᠨᠡᠷ ᠤᠨ ᠰᠠᠭᠤᠳᠠᠭ ᠪᠠᠢ᠌ᠰᠢᠩ ᠭᠡᠷ ᠤᠳ ᠲᠡᠶ ᠪᠠᠢ᠌ᠵᠠᠢ᠃ ᠡᠨᠡ ᠰᠦᠮ᠎ᠡ ᠵᠢ ᠰᠦᠮ᠎ᠡ ᠶᠢᠨ ᠪᠦᠭᠡᠷᠢᠭ᠌ ᠭᠡᠰᠡᠨ ᠭᠠᠵᠠᠷ ᠲᠤ ᠰᠢᠯᠵᠢᠭᠦᠯᠤᠨ ᠳᠠᠭᠢᠨ ᠰᠢᠨ᠎ᠠ ᠪᠠᠷ ᠰᠦᠮ᠎ᠡ ᠶᠢᠨ ᠪᠠᠷᠢᠯᠭ᠎ᠠ ᠶᠢ ᠪᠠᠷᠢᠭᠰᠠᠨ ᠪᠠᠢ᠌ᠨ᠎ᠠ ᠃
ᠭᠦᠯᠤᠨ ᠪᠣᠢ᠌ᠷ ᠤᠨ ᠥᠭᠡᠯᠡᠳ ᠮᠤᠩᠭ᠋ᠤᠯᠴᠤᠳ ᠨᠡᠭᠦᠳᠡᠯᠯᠡᠨ ᠮᠠᠯᠵᠢᠳᠠᠭ ᠪᠣᠯᠬᠤᠷ ᠨᠤᠮ ᠪᠢᠴᠢᠭ᠌ ᠢ ᠬᠠᠳᠠᠭᠠᠯᠠᠬᠤ ᠳᠤ ᠭᠦᠴᠢᠷ ᠲᠡᠶ᠃ ᠳᠠᠭᠢᠨ ᠳᠠᠢ᠌ᠨ ᠳᠠᠵᠢᠨ ᠂ ᠳᠠᠷᠪᠠᠭᠠᠨ ᠭᠢᠵᠢᠭ᠌ ᠪᠠ ᠬᠠᠯᠳᠠᠪᠣᠷᠢᠳᠤ ᠬᠠᠯᠠᠭᠤᠨ ᠡᠪᠠᠦᠡᠴᠢᠨ ᠤ ᠭᠠᠢ ᠭᠠᠮᠰᠢᠭ ᠂ ᠴᠢᠩ ᠣᠯᠤᠰ ᠂ ᠢᠷᠭᠡᠨ ᠣᠯᠤᠰ ᠬᠠᠭᠤᠷᠮᠠᠭ ᠮᠠᠠᠵᠤ ᠵᠡᠷᠭᠡ ᠭᠤᠷᠪᠠᠨ ᠲᠦᠷᠦ ᠶᠢᠨ ᠬᠤᠪᠢᠰᠤᠯ (ᠣᠯᠠᠭᠠᠴᠢᠨ ᠮᠤᠭᠠᠢ ᠵᠢᠯ ᠤᠨ ᠳᠦᠷᠪᠠᠯᠭᠡᠨ) ᠭᠢᠭᠡᠤᠨ 《 ᠰᠤᠶᠤᠯ ᠤᠨ ᠶᠡᠭᠡ ᠬᠤᠪᠢᠰᠬᠠᠯ》 ᠡᠴᠠ ᠪᠣᠯᠵᠤ ᠂ ᠥᠭᠡᠯᠡᠳ ᠤᠨ ᠨᠤᠮ ᠵᠤᠬᠢᠶᠠᠯ᠂ ᠳᠡᠦᠭᠡᠨ ᠳᠡᠮᠳᠡᠭᠯᠡᠯ ᠨᠢ ᠳᠠᠢ᠌ᠨ ᠳᠡᠵᠢᠨ ᠰᠠᠮᠠᠭᠤᠷᠠᠯ ᠳᠤᠮᠳᠠ ᠰᠠᠷᠨᠢᠵᠤ ᠶᠡᠭᠡ ᠭᠡᠮᠵᠢᠶ᠎ᠡ ᠪᠠᠷ ᠰᠥᠢᠦᠡᠪᠡ᠃
ᠬᠤᠶᠠᠷ᠂ ᠰᠦᠮ᠎ᠡ ᠶᠢᠨ ᠪᠦᠭᠡᠷᠢᠭ᠌ ᠤᠨ ᠰᠦᠮ᠎ᠡ
ᠳᠤᠰ ᠰᠦᠮ᠎ᠡ ᠨᠢ ᠳᠡᠭᠡᠷ᠎ᠡ ᠳᠤᠷᠠᠳᠤᠭᠰᠠᠨ 《ᠪᠣᠶᠠᠨ ᠴᠤᠭᠯᠠᠭᠤᠯᠤᠭᠴᠢ ᠰᠦᠮ᠎ᠡ》 ᠶᠢᠨ ᠥᠷᠭᠦᠯᠵᠢᠯᠡᠯ ᠪᠣᠯᠤᠨ᠎ᠠ᠃ ᠭᠦᠯᠤᠨ ᠪᠣᠢ᠌ᠷ ᠤᠨ ᠢᠮᠢᠨ ᠭᠤᠤᠯ ᠨᠡᠭᠦᠷᠡᠰᠤᠨ ᠠᠭᠤᠷᠬᠠᠢ ᠶᠢᠨ ᠬᠣᠢ᠌ᠳᠤ ᠳᠠᠯ᠎ᠠ ᠳᠤ ᠨᠢᠭᠡᠨ ᠭᠡᠰᠡᠭ᠌ ᠪᠦᠭᠡᠷᠢᠭ᠌ ᠲᠡᠶ ᠭᠠᠵᠠᠷ ᠪᠠᠢ᠌ᠨ᠎ᠠ᠃ ᠳᠤᠰ ᠪᠦᠭᠡᠷᠢᠭ᠌ ᠲᠡᠶ ᠭᠠᠵᠠᠷ ᠰᠦᠮ᠎ᠡ ᠪᠠᠨ ᠰᠢᠯᠵᠢᠭᠦᠯᠤᠨ ᠨᠡᠭᠦᠯᠭᠡᠵᠤ ᠠᠪᠴᠢᠷᠠᠭᠠᠤᠨ ᠳᠠᠭᠢᠨ ᠰᠢᠨ᠎ᠠ ᠪᠠᠷ ᠪᠠᠢ᠌ᠭᠤᠯᠤᠭᠰᠠᠨ ᠪᠠᠢ᠌ᠨ᠎ᠠ ᠃ ᠡᠢ᠌ᠮᠤ ᠡᠴᠠ ᠳᠤᠰ ᠭᠠᠵᠠᠷ ᠤᠨ ᠣᠠᠴᠠᠯᠢᠭ ᠵᠢᠠᠷ《 ᠰᠦᠮ᠎ᠡ ᠶᠢᠨ ᠪᠦᠭᠡᠷᠢᠭ᠌》 ᠭᠡᠭᠦ ᠪᠣᠶᠤ 《 ᠰᠦᠮ᠎ᠡ ᠶᠢᠨ ᠪᠦᠭᠡᠷᠢᠭ᠌ ᠰᠦᠮ᠎ᠡ》 ᠭᠡᠵᠤ ᠨᠤᠳᠤᠭ ᠤᠨ ᠠᠷᠠᠤᠨ ᠨᠡᠷᠡᠯᠡᠭ᠍ᠰᠡᠭᠡᠷ ᠢᠷᠠᠵᠠᠢ ᠃ ᠳᠤᠰ ᠰᠦᠮ᠎ᠡ ᠶᠢ ᠪᠠᠢ᠌ᠭᠤᠯᠤᠭᠰᠠᠨ ᠡᠴᠠ ᠰᠢᠯᠵᠢᠭᠦᠯᠤᠨ ᠨᠡᠭᠦᠯᠭᠡᠳᠡᠯᠡ 1785 ︱ 1917 ᠣᠨ ᠭᠦᠷᠳᠡᠯ᠎ᠡ ᠨᠢᠭᠡ ᠵᠠᠭᠤ ᠭᠤᠴᠢᠨ ᠬᠤᠶᠠᠷ ᠵᠢᠯ ᠤᠨ ᠣᠷᠳᠤ ᠳᠡᠦᠭᠡ ᠲᠡᠶ ᠶᠤᠮ᠃
1917 ᠣᠨ ᠳᠤ᠂ ᠭᠦᠯᠤᠨ ᠪᠣᠢ᠌ᠷ ᠲᠤ ᠪᠠᠪᠣᠵᠠᠪ ᠤᠨ ᠥᠯᠡᠳᠡᠭ᠍ᠳᠡᠯ ᠪᠣᠯᠵᠤ᠂ ᠰᠸᠪᠵᠢᠩᠭᠡ ᠶᠢᠨ ᠳᠡᠭᠡᠷᠡᠮ ᠤᠨ ᠰᠠᠮᠠᠭᠤᠨ ᠭᠠᠷᠴᠠᠢ᠃ ᠡᠭᠦᠨ ᠢ ᠨᠤᠳᠤᠭ ᠢ ᠭᠢᠨ《 ᠬᠠᠷᠠᠴᠢᠨ ᠤ ᠳᠦᠷᠪᠠᠯᠭᠡᠨ 》 ᠭᠡᠳᠡᠭ᠌ ᠪᠠᠢ᠌ᠪᠠ᠃ ᠡᠳᠡᠭᠡᠷ ᠳᠡᠭᠡᠷᠡᠮ ᠤᠨ ᠴᠡᠷᠢᠭ᠌ ᠤᠳ ᠥᠭᠡᠯᠡᠳ ᠤᠨ ᠰᠦᠮ᠎ᠡ ᠭᠡᠢ᠌ᠤᠨ ᠤᠨ ᠡᠳ᠋ ᠠᠭᠤᠷᠰᠤ ᠶᠢ ᠳᠤᠨᠤᠨ ᠳᠡᠭᠡᠷᠡᠮᠳᠡᠵᠤ᠂ ᠮᠠᠯ ᠰᠥᠷᠦᠭ᠌ ᠢ ᠪᠣᠯᠢᠶᠠᠨ᠂ ᠰᠦᠮ᠎ᠡ ᠳᠤᠭᠠᠩ ᠢ ᠡᠪᠳᠡᠪᠡ᠃ ᠢᠩᠭᠢᠭᠡᠤᠨ 《 ᠰᠦᠮ᠎ᠡ ᠶᠢᠨ ᠪᠦᠭᠡᠷᠢᠭ᠌ ᠤᠨ ᠰᠦᠮ᠎ᠡ》 ᠨᠢᠭᠡᠮᠦᠰᠤᠨ ᠡᠪᠳᠡᠭ᠍ᠳᠡᠨ ᠰᠥᠢᠦᠡᠭᠡᠭ᠍ᠳᠡᠭᠰᠡᠨ ᠳᠤᠯᠠ ᠪᠠᠰᠠ ᠴᠤ ᠨᠡᠭᠦᠯᠭᠡᠨ ᠰᠢᠯᠵᠢᠭᠦᠯᠭᠦ ᠯᠠ ᠪᠣᠯᠵᠠᠢ ᠃
ᠭᠤᠷᠪᠠ᠂ ᠪᠣᠮᠪᠠᠨ ᠰᠦᠮ᠎ᠡ
ᠳᠡᠭᠡᠷᠡᠭᠢ ᠰᠣᠢ᠌ᠷᠠᠨ ᠡᠪᠳᠡᠭ᠍ᠳᠡᠭ᠍ᠰᠡᠨ ᠰᠦᠮ᠎ᠡ ᠶᠢᠨ ᠪᠣᠷᠬᠠᠨ ᠂ ᠨᠤᠮ ᠂ ᠳᠠᠭᠢᠯ ᠴᠥᠭᠦᠴᠡ ᠮᠠᠳᠤ ᠶᠢᠨ ᠥᠯᠡᠳᠡᠭ᠍ᠳᠡᠯ ᠶᠠᠭᠤᠮ᠎ᠠ ᠶᠢ ᠴᠤᠭᠯᠠᠭᠤᠯᠤᠨ ᠬᠠᠭᠤᠴᠢᠨ ᠪᠠᠢ᠌ᠭᠰᠠᠨ 《ᠰᠦᠮ᠎ᠡ ᠶᠢᠨ ᠪᠦᠭᠡᠷᠢᠭ᠌ ᠤᠨ ᠰᠦᠮ᠎ᠡ》 ᠡᠴᠠ ᠳᠠᠮᠠᠢ ᠬᠤᠯᠠ ᠦᠭᠡᠶ ᠡᠯᠡᠰᠤᠨ ᠣᠷᠤᠯᠭ᠎ᠠ ᠭᠡᠳᠡᠭ᠌ ᠭᠠᠵᠠᠷ ᠲᠤ᠂ ᠳᠦᠷᠪᠡᠨ ᠳᠤᠯᠠᠭᠠᠭᠤᠷᠢ ᠲᠡᠶ᠂ ᠨᠠᠢᠮᠠᠨ ᠬᠠᠨ᠎ᠠ ᠲᠡᠶ ᠥᠷᠭᠦᠭᠡ ᠭᠡᠷ (ᠮᠤᠩᠭ᠋ᠤᠯ ᠭᠡᠷ) ᠶᠢᠡᠷ ᠰᠦᠮ᠎ᠡ ᠪᠠᠨ ᠪᠣᠯᠭᠠᠵᠤ ᠪᠠᠢ᠌ᠪᠠ᠃ ᠡᠭᠦᠨ ᠢ ᠨᠤᠳᠤᠭ ᠤᠨ ᠭᠦᠮᠦᠰ 《ᠪᠣᠮᠪᠠᠨ ᠰᠦᠮ᠎ᠡ》 ᠭᠡᠳᠡᠭ᠌ ᠶᠤᠮ ᠃ ᠡᠨᠡ ᠨᠢ ᠮᠦᠨ ᠴᠤ 《 ᠪᠣᠶᠠᠨ ᠴᠤᠭᠯᠠᠭᠤᠯᠤᠭᠴᠢ ᠰᠤᠢᠮᠡ 》 ᠵᠢᠨ ᠥᠷᠭᠦᠯᠵᠢᠯᠡᠯ ᠪᠣᠯᠤᠨ᠎ᠠ ᠃
ᠳᠦᠷᠪᠡ ᠂ ᠪᠠᠶᠠᠨ ᠴᠠᠭᠠᠨ ᠰᠦᠮ᠎ᠡ
ᠭᠦᠯᠤᠨ ᠪᠣᠢ᠌ᠷ ᠲᠤ ᠨᠠᠷᠠ ᠲᠦᠷᠦ ᠲᠡᠶ ᠰᠸᠭᠮᠡᠳ ᠭᠡᠳᠡᠭ᠌ ᠥᠭᠡᠯᠡᠳ ᠭᠦᠮᠤᠨ ᠪᠠᠢ᠌ᠭᠰᠡᠨ᠂ ᠳᠡᠷᠡ ᠦᠪᠡᠷ ᠤᠨ ᠮᠠᠯ ᠭᠦᠷᠦᠩᠭᠡ ᠪᠠᠷ ᠶᠢᠡᠨ ᠪᠠᠶᠠᠨ ᠴᠠᠭᠠᠨ ᠭᠡᠳᠡᠭ᠌ ᠭᠠᠵᠠᠷ ᠲᠤ ᠰᠦᠮ᠎ᠡ ᠪᠠᠷᠢᠪᠡ᠃ ᠪᠠᠶᠠᠨ ᠴᠠᠭᠠᠨ ᠭᠡᠳᠡᠭ᠌ ᠨᠢ ᠣᠳᠤᠭᠢ ᠬᠠᠷ᠎ᠠ ᠬᠤᠵᠢᠷ ᠨᠠᠭᠤᠷ ᠤᠨ ᠭᠠᠵᠠᠷ ᠢ ᠭᠡᠯᠡᠵᠤ ᠪᠠᠢ᠌ᠨ᠎ᠠ᠃ ᠡᠨᠡ ᠰᠦᠮ᠎ᠡ ᠶᠢ ᠪᠠᠷᠢᠭᠰᠠᠨ ᠭᠠᠵᠠᠷ ᠤᠨ ᠭᠢᠨᠢ ᠨᠠᠷᠠ ᠪᠠᠷ 《ᠬᠠᠷ᠎ᠠ ᠬᠤᠵᠢᠷ ᠤᠨ ᠠᠭᠤᠷ ᠤᠨ ᠰᠦᠮ᠎ᠡ》 ᠪᠣᠶᠤ 《ᠪᠠᠶᠠᠨ ᠴᠠᠭᠠᠨ ᠰᠦᠮ᠎ᠡ》 ᠭᠡᠵᠤ ᠨᠡᠷᠡᠯᠡᠳᠡᠭ᠌ ᠪᠠᠢ᠌ᠭᠰᠠᠨ ᠡᠴᠠ ᠭᠠᠳᠠᠨ᠎ᠠ ᠂ ᠰᠦᠮ᠎ᠡ ᠪᠠᠷᠢᠭᠰᠠᠨ ᠭᠦᠮᠤᠨ ᠤ ᠨᠠᠷᠠ ᠪᠠᠷ 《ᠰᠧ ᠵᠠᠩᠭᠢ ᠶᠢᠨ ᠰᠦᠮ᠎ᠡ》 ᠭᠡᠵᠤ ᠴᠤ ᠭᠡᠯᠡᠳᠡᠭ᠌ ᠃ ᠰᠸᠭᠮᠡᠳ ᠪᠣᠯ ᠵᠠᠩᠭᠢ ᠴᠤᠯᠠ ᠲᠡᠶ ᠪᠠᠢ᠌ᠭᠰᠠᠨ ᠪᠦᠭᠡᠤᠨ ᠰᠦᠮ᠎ᠡ ᠶᠢ 1927 ᠣᠨ ᠳᠤ ᠪᠠᠷᠢᠪᠠ ᠃
ᠳᠤᠰ ᠰᠦᠮ᠎ᠡ ᠳᠤ ᠳᠤᠡᠭᠷᠤᠪ ᠭᠡᠳᠡᠭ᠌ ᠳ᠋ᠠ ᠯᠠᠮᠠ ᠲᠡᠶ᠂ 70 ︱ 80 ᠣᠷᠴᠢᠮ ᠤᠨ ᠥᠭᠡᠯᠡᠳ ᠯᠠᠮᠠ ᠲᠡᠶ ᠮᠠᠬᠠᠷᠠᠠᠽᠠ ᠶᠢᠨ ᠰᠦᠮ᠎ᠡ ᠂ ᠳᠤᠭᠠᠩ ᠰᠦᠮ᠎ᠡ ᠂ ᠰᠢᠳᠦᠭᠡᠨ ᠰᠦᠮ᠎ᠡ ᠴᠦᠮ ᠪᠠᠢ᠌ᠭᠰᠠᠨ ᠡᠴᠠ ᠭᠠᠳᠠᠨ᠎ᠠ ᠵᠢᠰᠠ ᠶᠢᠨ ᠮᠠᠯ ᠣᠨᠤᠭ᠎ᠠ ᠲᠡᠶ ᠪᠠᠢ᠌ᠪᠠ᠃ ᠳᠤᠰ ᠰᠦᠮ᠎ᠡ ᠨᠢ ᠥᠭᠡᠯᠡᠳ ᠤᠨ ᠬᠤᠰᠢᠭᠤᠨ ᠳᠤ ᠵᠠᠭᠢᠷᠤᠭᠳᠠᠨ᠂ ᠳ᠋ᠠ ᠯᠠᠮᠠ ᠭᠡᠰᠭᠦᠢ᠂ ᠣᠮᠽᠠᠤᠨ᠂ ᠳᠠᠮᠴᠢ ᠭᠡᠭᠦ ᠮᠠᠳᠤ ᠭᠡᠷᠭᠡᠮᠳᠡᠨ ᠴᠤᠯᠠ ᠲᠡᠶ᠂ ᠴᠠᠭ ᠴᠠᠭ ᠤᠨ ᠬᠤᠷᠠᠯ ᠲᠡᠶ ᠪᠠᠢ᠌ᠭᠰᠠᠨ ᠪᠦᠭᠡᠤᠨ ᠰᠦᠮ᠎ᠡ ᠶᠢᠨ ᠬᠤᠷᠠᠯ ᠳᠡᠭᠦᠰᠦᠮᠡᠭ᠍ᠴᠡ ᠣᠯᠠᠩᠭᠢ ᠯᠠᠮᠠ ᠨᠡᠷ ᠨᠢ ᠴᠦᠮ ᠰᠦᠮ᠎ᠡ ᠳᠡᠭᠡᠨ ᠰᠠᠭᠤᠵᠤ᠂ ᠵᠠᠷᠢᠮ ᠴᠥᠭᠡᠨ ᠳᠤᠭᠠᠨ ᠤ ᠯᠠᠮᠠ ᠨᠡᠷ ᠨᠢ ᠭᠦᠳᠡᠭᠡ ᠨᠤᠳᠤᠭ ᠤᠨ ᠭᠡᠷ ᠲᠡᠭᠡᠨ ᠬᠠᠷᠢᠳᠠᠭ ᠪᠠᠢ᠌ᠵᠠᠢ᠃ ᠳᠤᠰ ᠰᠦᠮ᠎ᠡ ᠳᠤ ᠪᠠᠰᠠ ᠭᠠᠠᠵᠤᠤᠷ ᠳ᠋ᠠᠠᠵᠤᠤᠷ ᠵᠡᠷᠭᠡ ᠨᠤᠮ ᠤᠳ ᠪᠠᠢ᠌ᠪᠠ᠃ ᠳᠠᠮ ᠣᠯᠠᠮᠵᠢᠯᠠᠯ ᠶᠠᠷᠢᠶ᠎ᠠ ᠶᠢ ᠦᠨᠳᠦᠰᠦᠯᠠᠪᠠᠯ᠂ ᠠᠡᠭᠬ᠎ᠠ ᠰᠦᠮ᠎ᠡ ᠪᠠᠢ᠌ᠭᠤᠯᠤᠭᠳᠡᠬᠤ ᠥᠶ᠎ᠡ ᠳᠤ ᠭᠤᠷᠪᠠᠨ ᠯᠠᠮᠠ ᠡᠳᠡᠭᠡᠷ ᠨᠤᠮ ᠢ ᠳᠤᠯᠤᠨ ᠨᠠᠭᠤᠷ ᠡᠴᠠ ᠥᠭᠡᠷ ᠳᠡᠷᠭᠡ ᠪᠠᠷ ᠳᠡᠭᠡᠭᠡᠵᠤ ᠠᠪᠴᠢᠷᠠᠭᠰᠠᠨ ᠭᠡᠳᠡᠭ᠌᠃
ᠪᠦᠭᠡᠷᠢᠭ᠌ ᠤᠨ ᠰᠦᠮ᠎ᠡ ᠶᠢᠨ ᠬᠠᠭᠤᠴᠢᠨ ᠮᠤᠳᠤ ᠴᠢᠯᠠᠭᠤ ᠪᠠ 《 ᠪᠣᠮᠪᠠᠨ ᠰᠦᠮ᠎ᠡ 》 ᠳᠤ ᠬᠠᠳᠠᠭᠠᠯᠠᠵᠤ ᠪᠠᠢ᠌ᠭᠰᠠᠨ ᠪᠣᠷᠬᠠᠨ ᠂ ᠨᠤᠮ ᠂ ᠳᠠᠭᠢᠯ ᠂ ᠴᠥᠭᠦᠴᠡ ᠵᠡᠷᠭᠡ ᠶᠢ ᠴᠦᠮ 《 ᠪᠠᠶᠠᠨ ᠴᠠᠭᠠᠨ ᠰᠦᠮ᠎ᠡ》 ᠳᠤ ᠰᠢᠯᠵᠢᠭᠦᠯᠤᠨ ᠠᠪᠴᠢᠷᠠᠭᠰᠠᠨ ᠪᠠᠢ᠌ᠨ᠎ᠠ᠃ ᠡᠢ᠌ᠮᠤ ᠡᠴᠠ ᠪᠠᠶᠠᠨ ᠴᠠᠭᠠᠨ ᠰᠦᠮ᠎ᠡ ᠶᠢ ᠬᠡᠳᠦᠢ᠌ᠪᠡᠷ ᠰᠸᠭᠮᠡᠳ ᠭᠡᠰᠡᠨ ᠭᠦᠮᠤᠨ ᠬᠤᠪᠢ ᠵᠢᠨ ᠮᠡᠯ ᠭᠦᠷᠦᠩᠭᠡ ᠪᠠᠷ ᠶᠢᠡᠨ ᠪᠠᠷᠢᠭᠰᠠᠨ ᠪᠣᠯᠪᠠᠴᠤ ᠳᠤᠳᠤᠷᠠᠭᠢ ᠪᠣᠷᠬᠠᠨ ᠨᠤᠮ ᠨᠢ ᠴᠦᠮ 《 ᠪᠣᠮᠪᠠᠨ ᠰᠦᠮ᠎ᠡ 》 ᠳᠤ ᠬᠠᠳᠠᠭᠠᠯᠠᠵᠤ ᠪᠠᠢ᠌ᠭᠰᠠᠨ ᠵᠣᠢ᠌ᠯᠠᠰ ᠳᠤᠯᠠ ᠮᠦᠨ ᠴᠤ 《 ᠪᠣᠶᠠᠨ ᠴᠤᠭᠯᠠᠭᠤᠯᠤᠭᠴᠢ ᠰᠦᠮ᠎ᠡ》 ᠶᠢᠨ ᠥᠷᠭᠦᠯᠵᠢᠯᠡᠯ ᠬᠡᠵᠤ ᠪᠣᠯᠤᠨ᠎ᠠ ᠃
《ᠪᠠᠶᠠᠨ ᠴᠠᠭᠠᠨ ᠰᠦᠮ᠎ᠡ》 ᠶᠢ ᠪᠠᠢ᠌ᠭᠤᠯᠤᠭᠰᠠᠨ ᠭᠠᠵᠠᠷ ᠪᠣᠯ ᠬᠤᠵᠢᠷ ᠨᠠᠭᠤᠷ ᠲᠡᠶ ᠭᠠᠵᠠᠷ ᠪᠠᠢ᠌ᠭᠰᠠᠨ ᠳᠤᠯᠠ ᠳᠤᠰ ᠨᠠᠭᠤᠷ ᠤᠨ ᠭᠠᠵᠠᠷ ᠨᠢ ᠡᠪᠦᠯ ᠤᠨ ᠭᠦᠯᠳᠡᠭᠦᠤ ᠦᠶ᠎ᠡ ᠳᠤ ᠳᠤᠮᠤ ᠳᠤᠮᠤ ᠠᠩ ᠴᠠᠪᠠ ᠭᠠᠷᠳᠠᠭ ᠪᠠᠢ᠌ᠭᠰᠠᠨ ᠲᠡᠶ ᠪᠠᠨ ᠰᠦᠮ᠎ᠡ ᠶᠢᠨ ᠰᠠᠭᠤᠷᠢ ᠶᠢ ᠪᠠᠭᠢᠯᠢᠭ᠌ ᠰᠠᠢ᠌ᠨ ᠳᠠᠯᠪᠢᠭᠰᠠᠨ ᠦᠭᠡᠶ ᠶᠢᠨ ᠰᠢᠯᠳᠠᠭᠠᠨ ᠡᠴᠠ ᠪᠣᠯᠵᠤ ᠰᠦᠮ᠎ᠡ ᠭᠡᠢ᠌ᠤᠨ ᠤᠨ ᠪᠠᠷᠢᠯᠭ᠎ᠠ ᠴᠠᠪᠳᠠᠵᠤ᠂ ᠭᠦᠷᠢᠶ᠎ᠡ ᠬᠠᠰᠢᠶ᠎ᠠ ᠭᠠᠪᠳᠠᠨ ᠡᠪᠳᠡᠷᠡᠵᠡᠢ᠃ ᠳᠠᠷᠠᠴᠢᠯᠠᠨ ᠳᠤᠰ ᠨᠤᠳᠤᠭ ᠤᠨ ᠥᠭᠡᠯᠡᠦᠡᠴᠦᠳ ᠪᠣᠯ ᠢᠮᠢᠨ ᠭᠤᠤᠯ ᠤᠨ ᠬᠤᠶᠠᠷ ᠭᠦᠪᠠᠭᠡ ᠶᠢ ᠳᠠᠭᠠᠵᠤ᠂ ᠵᠢᠯ ᠤᠨ ᠳᠦᠷᠪᠡᠨ ᠣᠯᠠᠷᠢᠯ ᠳᠤ ᠣᠳᠤᠷᠯᠠᠨ ᠮᠠᠯᠵᠢᠳᠠᠭ ᠪᠠᠢ᠌ᠭᠰᠠᠨ ᠡᠴᠠ ᠳᠤᠰ ᠰᠦᠮ᠎ᠡ ᠨᠢ ᠭᠤᠤᠯ ᠤᠨ ᠠᠢ᠌ᠯ ᠡᠴᠠ ᠭᠡᠳᠤ ᠬᠤᠯᠠ ᠪᠣᠯᠵᠤ᠂ ᠰᠦᠮ᠎ᠡ ᠵᠢ ᠬᠤᠵᠢᠷ ᠨᠠᠭᠤᠷ ᠲᠡᠶ ᠭᠠᠵᠠᠷ ᠪᠠᠢ᠌ᠭ᠎ᠠ ᠳᠤᠯᠠ ᠰᠢᠪᠠᠷ ᠣᠰᠤ ᠨᠢ ᠶᠡᠭᠡᠳᠡᠭᠡᠤᠨ᠂ ᠵᠠᠮ ᠬᠠᠷᠢᠯᠴᠠᠭ᠎ᠠ ᠳᠤᠩ ᠳᠦᠭᠦᠮ ᠦᠭᠡᠶ ᠪᠣᠯᠤᠭᠰᠠᠨ᠃ ᠡᠳᠡᠭᠡᠷ ᠰᠢᠯᠳᠠᠭᠠᠨ ᠡᠴᠠ ᠪᠣᠯᠵᠤ ᠂ ᠳᠤᠰ 《ᠪᠠᠶᠠᠨ ᠴᠠᠭᠠᠨ ᠰᠦᠮ᠎ᠡ》 ᠶᠢ ᠮᠦᠨ ᠯᠠ ᠰᠢᠯᠵᠢᠭᠦᠯᠤᠨ ᠨᠡᠭᠦᠯᠭᠡᠭᠦ ᠪᠣᠯᠤᠭᠰᠠᠨ ᠪᠠᠢ᠌ᠨ᠎ᠠ᠃
ᠳᠠᠪᠣ ᠂ ᠠᠭᠣᠢ᠌ᠳᠤ ᠰᠦᠮ᠎ᠡ
ᠥᠭᠡᠯᠡᠳ ᠮᠤᠩᠭ᠋ᠤᠯᠴᠤᠳ ᠤᠨ ᠬᠠᠯᠠᠭᠤᠨ ᠬᠠᠢ᠌ᠷ᠎ᠠ ᠰᠢᠩᠭᠡᠭ᠍ᠰᠡᠨ᠂ ᠰᠥ᠋ ᠰᠠᠭᠠᠯᠢ ᠶᠢᠨ ᠳᠡᠭᠡᠵᠢ ᠪᠠᠨ ᠡᠷᠭᠦᠵᠤ᠂ ᠰᠢᠳᠤᠨ ᠪᠢᠰᠢᠷᠳᠡᠭ᠌ 《 ᠠᠭᠣᠢ᠌ᠳᠤ》 ᠭᠡᠮᠡᠨ ᠨᠡᠷᠡᠯᠡᠭ᠍ᠳᠡᠭ᠍ᠰᠡᠨ ᠨᠢᠭᠡᠨ ᠪᠠᠢ᠌ᠭᠠᠯᠢ ᠶᠢᠨ ᠠᠭᠤᠢ ᠲᠡᠶ ᠠᠭᠤᠯᠠ ᠪᠠᠢ᠌ᠳᠠᠭ ᠃ ᠳᠤᠰ ᠠᠭᠤᠯᠠ ᠶᠢᠨ ᠡᠮᠤᠨ᠎ᠡ ᠡᠩᠭᠡᠷ ᠲᠤ 《 ᠪᠣᠶᠠᠨ ᠴᠤᠭᠯᠠᠭᠤᠯᠤᠭᠴᠢ ᠰᠦᠮ᠎ᠡ 》 (ᠪᠠᠶᠠᠨ ᠴᠠᠭᠠᠨ ᠰᠦᠮ᠎ᠡ) ᠶᠢ ᠨᠡᠭᠦᠯᠭᠡᠨ ᠳᠠᠭᠢᠨ ᠰᠢᠨ᠎ᠠ ᠪᠠᠷ ᠪᠠᠢ᠌ᠭᠤᠯᠤᠭᠰᠠᠨ ᠪᠠᠢ᠌ᠨ᠎ᠠ ᠃ ᠡᠢ᠌ᠮᠤ ᠡᠴᠠ ᠠᠭᠣᠢ᠌ᠳᠤ ᠰᠦᠮ᠎ᠡ ᠪᠣᠯ ᠮᠦᠨ ᠴᠤ《 ᠪᠣᠶᠠᠨ ᠴᠤᠭᠯᠠᠭᠤᠯᠤᠭᠴᠢ ᠰᠦᠮ᠎ᠡ 》 ᠵᠢᠨ ᠥᠷᠭᠦᠯᠵᠢᠯᠡᠯ ᠮᠦᠨ ᠃ ᠰᠦᠮ᠎ᠡ ᠪᠠᠷᠢᠬᠤ ᠭᠠᠵᠠᠷ ᠢ ᠰᠤᠩᠭ᠋ᠤᠬᠤ ᠳᠤ ᠪᠠᠰᠠ ᠴᠤ ᠮᠠᠷᠭᠤᠯᠳᠤᠭᠠᠨ ᠲᠡᠶ ᠪᠠᠢ᠌ᠭᠰᠠᠨ ᠬᠡᠯᠳᠡᠢ᠃ ᠳᠤᠬᠠᠢ ᠶᠢᠨ ᠦᠶ᠎ᠡ ᠶᠢᠨ ᠯᠠᠮᠠᠳᠠᠨ ᠭᠡᠡᠳᠡᠩ ᠰᠢᠷᠡᠭᠡᠳᠤ ᠪᠣᠯᠤᠨ ᠵᠠᠰᠠᠭᠳᠠᠨ ᠪᠣᠶᠠᠠᠳᠤᠭᠳᠠᠬᠤ ᠂ ᠭᠠᠯᠢᠳᠠ ᠳᠦᠷᠦᠭᠦᠳᠡᠨ ᠨᠡᠷ ᠬᠤᠭᠤᠷᠤᠠᠳᠤ ᠪᠠᠨ ᠰᠠᠨᠠᠯ ᠨᠢᠭᠡ ᠦᠭᠡᠶ ᠪᠠᠢ᠌ᠵᠠᠢ᠃ ᠯᠠᠮᠠᠳᠠᠨ ᠨᠢ ᠠᠭᠤᠢ ᠪᠠᠢ᠌ᠬᠤ ᠳᠤᠯᠠ 《ᠬᠠᠷ᠎ᠠ ᠳᠦᠰᠢᠯᠭᠡᠳᠤ ᠭᠠᠵᠠᠷ》 ᠶᠠᠮᠤᠨ ᠪᠠᠷᠢᠵᠤ᠂ ᠨᠤᠶᠠᠨ ᠰᠠᠭᠤᠪᠠᠰᠤ ᠵᠤᠭᠢᠴᠠᠯᠳᠤᠬᠤ ᠣᠷᠤᠨ ᠭᠡᠮᠡᠵᠤ᠂ ᠰᠦᠮ᠎ᠡ ᠪᠠᠷᠢᠪᠠᠰᠤ ᠡᠷᠭᠡᠪᠠᠰᠢ ᠠᠭᠤᠢ ᠡᠴᠠ ᠵᠡᠭᠦᠡᠰᠢᠯᠡᠭᠦᠯᠤᠨ ᠢᠪᠠᠭᠡᠯᠳᠤ ᠣᠪᠣᠭ᠎ᠠ ᠶᠢ ᠳᠦᠰᠢᠭᠦᠯᠤᠨ ᠪᠠᠢ᠌ᠭᠤᠯᠪᠠᠰᠤ᠂ ᠱᠠᠰᠢᠨ ᠨᠤᠮ ᠳᠡᠯᠭᠡᠷᠡᠵᠤ᠂ ᠱᠠᠪᠢ ᠪᠠᠠᠳᠢ ᠣᠯᠠᠰᠢᠷᠠᠬᠤ ᠭᠡᠮᠡᠨ ᠭᠠᠵᠠᠷ ᠰᠤᠩᠭ᠋ᠤᠨ ᠳᠤᠭᠳᠠᠭᠠᠬᠤ ᠳᠤ ᠮᠠᠷᠭᠤᠭᠠᠨ ᠪᠣᠯᠤᠭᠰᠠᠨ ᠪᠠᠢ᠌ᠵᠠᠢ᠃ ᠭᠡᠪᠡᠴᠤ ᠰᠡᠭᠦᠯ ᠳ᠋ᠤᠨᠢ ᠯᠠᠮᠠᠳᠠᠨ ᠨᠡᠷ ᠤᠨ ᠰᠠᠨᠠᠯ ᠢ ᠳᠠᠷᠤᠵᠤ᠂ ᠵᠠᠰᠠᠭᠳᠠᠨ ᠤ ᠰᠠᠨᠠᠭ᠎ᠠ ᠪᠠᠷ ᠠᠭᠤᠢ ᠶᠢᠨ ᠡᠮᠤᠨ᠎ᠡ ᠪᠠᠷᠢᠬᠤ ᠱᠠᠰᠢᠨ ᠨᠤᠮ ᠤᠨ ᠶᠤᠰᠤᠨ ᠤ ᠠᠪᠣᠷᠠᠯ ᠳᠠᠢ ᠭᠡᠮᠡᠨ ᠰᠢ᠌ᠤᠠᠪᠣᠷᠢ ᠭᠠᠷᠭᠠᠨ ᠂ ᠠᠭᠤᠢ ᠶᠢᠨ ᠶᠠᠭ ᠡᠮᠤᠨ᠎ᠡ ᠨᠢ 1938 ᠣᠨ ᠳᠤ (ᠰᠢᠷ᠎ᠠ ᠪᠠᠷᠰ ᠵᠢᠯ) ᠰᠦᠮ᠎ᠡ ᠳᠤᠭᠠᠩ ᠶᠢᠡᠨ ᠪᠠᠷᠢᠵᠤ ᠪᠣᠰᠬᠠᠭᠠᠤᠨ ᠳᠡᠭᠦᠨ ᠤ 《ᠭᠡᠰᠭᠡᠯᠡᠩ》 (ᠪᠣᠶᠠᠨ ᠴᠤᠭᠯᠠᠭᠤᠯᠤᠭᠴᠢ ᠰᠦᠮ᠎ᠡ) ᠭᠡᠮᠡᠭᠦ ᠨᠠᠷᠠ ᠴᠤᠯᠠ ᠶᠢ ᠨᠢ ᠮᠤᠩᠭ᠋ᠤᠯ ᠂ ᠮᠠᠠᠵᠤ ᠲᠦᠪᠡᠳ ᠂ ᠭᠢᠳᠠᠤᠨ ᠳᠦᠷᠪᠡᠨ ᠭᠡᠯᠡ ᠪᠠᠷ ᠠᠯᠳᠠᠨ ᠥᠰᠦᠭ᠌ ᠤᠨ ᠠᠯᠳᠠᠨ ᠭᠦᠪᠠᠭᠡᠳᠤ ᠡᠯᠭᠦᠮᠡᠯ ᠢᠯᠡᠷᠭᠡᠢ᠌ᠯᠡᠯ ᠢ ᠳᠤᠭᠠᠩ ᠰᠦᠮ᠎ᠡ ᠶᠢᠨ ᠡᠭᠦᠳᠡᠨ ᠭᠤᠤᠯ ᠳᠡᠭᠡᠷ᠎ᠡ ᠡᠯᠭᠦᠭᠡᠤᠨ ᠂ ᠱᠠᠰᠢᠨ ᠨᠤᠮ ᠤᠨ ᠣᠢ᠌ᠯᠠᠰ ᠢ ᠥᠷᠭᠦᠯᠵᠢᠯᠡᠭᠦᠯᠤᠨ ᠭᠢᠵᠠᠢ ᠃
《ᠪᠣᠶᠠᠨ ᠴᠤᠭᠯᠠᠭᠤᠯᠤᠭᠴᠢ ᠰᠦᠮ᠎ᠡ》 ᠭᠡᠮᠡᠨ ᠢᠯᠡᠷᠭᠡᠢ᠌ᠯᠡᠯ ᠡᠯᠭᠦᠵᠤ ᠪᠠᠢ᠌ᠭᠰᠠᠨ ᠪᠣᠯᠪᠠᠴᠤ ᠡᠨᠡ ᠰᠦᠮ᠎ᠡ ᠨᠢ ᠪᠠᠢ᠌ᠭᠠᠯᠢ ᠶᠢᠨ ᠠᠭᠤᠢ ᠪᠠᠢ᠌ᠭ᠎ᠠ ᠠᠭᠤᠯᠠᠨ ᠡᠮᠤᠨ᠎ᠡ ᠪᠠᠢ᠌ᠭᠤᠯᠤᠭᠰᠠᠨ ᠪᠣᠯᠬᠤᠷ 《ᠠᠭᠣᠢ᠌ᠳᠤ ᠰᠦᠮ᠎ᠡ》 ᠭᠡᠮᠡᠨ ᠨᠠᠷᠠᠯᠠᠵᠤ ᠂ ᠡᠨᠡ ᠵᠤᠷᠰᠢᠭᠰᠠᠨ ᠳᠠᠭᠤᠳᠠᠯᠭ᠎ᠠ ᠨᠠᠷᠠ ᠨᠢ ᠣᠳᠤ ᠭᠦᠷᠳᠡᠯ᠎ᠡ ᠣᠯᠠᠮᠵᠢᠯᠠᠭᠳᠠᠭᠰᠠᠭᠠᠷ ᠪᠠᠢ᠌ᠨ᠎ᠠ ᠃
ᠳᠤᠰ ᠪᠣᠶᠠᠨ ᠴᠤᠭᠯᠠᠭᠤᠯᠤᠭᠴᠢ ᠰᠦᠮ᠎ᠡ (ᠠᠭᠣᠢ᠌ᠳᠤ ᠰᠦᠮ᠎ᠡ) ᠨᠢ ᠪᠠᠷᠢᠯᠭ᠎ᠠ ᠶᠢᠨ ᠭᠡᠪᠴᠢᠶ᠎ᠡ ᠪᠠᠷ ᠶᠡᠭᠡ ᠪᠢᠰᠢ ᠃ ᠰᠠᠭᠤᠷᠢ ᠨᠢ ᠭᠡᠳᠤᠨ ᠠᠷᠪᠠᠨ ᠳᠡᠭ᠍ᠰᠢ ᠳᠦᠷᠪᠡᠯᠵᠢᠨ ᠮᠸᠲ᠋ᠷ ᠳᠠᠯᠠᠪᠠᠢ ᠲᠡᠶ᠂ ᠳᠤᠭᠠᠩ ᠳᠡᠭᠡᠷ᠎ᠡ ᠪᠠᠨ ᠨᠢᠭᠡᠨ ᠪᠠᠭ᠎ᠠ ᠳᠦᠷᠪᠡᠯᠵᠢᠨ ᠠᠰᠠᠷ ᠲᠡᠶ᠂ ᠳᠤᠭᠠᠩ ᠰᠦᠮ᠎ᠡ ᠨᠢ ᠴᠤᠩᠬᠤᠨ ᠡᠴᠠ ᠪᠠᠨ ᠳᠤᠷᠤᠭᠰᠢ ᠭᠦᠭᠡ ᠳᠤᠭᠤᠰᠬ᠎ᠠ ᠶᠢ ᠭᠡᠪ ᠶᠢᠡᠷ ᠪᠠᠢ᠌ᠯᠭᠠᠨ ᠂ ᠴᠤᠩᠬᠤᠨ ᠡᠴᠠ ᠳᠡᠭᠡᠭ᠍ᠰᠢᠭᠢ ᠶᠢ ᠣᠯᠠᠭᠠᠨ ᠥᠩᠭᠡ ᠪᠠᠷ ᠪᠣᠳᠤᠵᠠᠢ ᠃ ᠥᠭᠡᠭᠦᠨ ᠴᠠᠭᠠᠨ ᠪᠣᠷᠵᠢᠨ ᠴᠢᠯᠠᠭᠤ ᠪᠠᠷ ᠪᠠᠳᠤ ᠪᠠᠭᠢ ᠰᠠᠭᠤᠷᠢ ᠳᠠᠯᠪᠢᠵᠤ ᠂ ᠬᠠᠰ ᠴᠠᠭᠠᠨ ᠪᠣᠷᠵᠢᠨ ᠴᠢᠯᠠᠭᠤ ᠪᠠᠷ ᠱᠠᠳᠤ ᠱᠠᠳᠤᠯᠠᠵᠠᠢ ᠃ ᠳᠤᠭᠠᠩ ᠨᠢ ᠬᠤᠶᠠᠷ ᠳᠤᠮᠤ ᠣᠯᠠᠭᠠᠨ ᠬᠠᠪᠳᠠᠰᠤᠨ ᠬᠠᠭᠠᠯᠭ᠎ᠠ ᠶᠢᠨ ᠵᠡᠭᠦᠨ ᠪᠠᠷᠠᠭᠤᠨ ᠳᠠᠯ᠎ᠠ ᠳᠤᠨᠢ ᠬᠤᠶᠠᠷ ᠬᠤᠶᠠᠷ ᠳᠤᠮᠤ ᠣᠯᠠᠭᠠᠨ ᠪᠠᠭᠠᠨ᠎ᠠ ᠪᠠᠷ ᠳᠤᠯᠠᠭᠠᠭᠤᠷᠢᠯᠠᠭᠰᠠᠨ ᠰᠠᠷᠠᠪᠴᠢ ᠲᠡᠶ᠂ ᠰᠠᠷᠠᠪᠴᠢ ᠶᠢᠨ ᠭᠦᠪᠠᠭᠡ ᠪᠠᠷ ᠠᠷᠪᠠᠨ ᠬᠤᠶᠠᠷ ᠵᠢᠯ ᠪᠠ ᠨᠠᠢᠮᠠᠨ ᠳᠠᠭᠢᠯ ᠤᠨ ᠊ᠬᠡ ᠣᠭᠠᠯᠵᠠ ᠶᠢ ᠰᠠᠢ᠌ᠯᠵᠠᠢ᠃ ᠳᠤᠭᠠᠩ ᠤᠨ ᠠᠷᠤ ᠳᠤ ᠠᠰᠠᠷ ᠲᠤ ᠭᠠᠷᠬᠤ ᠱᠠᠳᠤ ᠲᠡᠶ ᠪᠦᠭᠡᠤᠨ ᠠᠰᠠᠷ ᠤᠨ ᠳᠡᠭᠡᠷ᠎ᠡ ᠨᠢ ᠳᠤᠭᠤᠷᠢᠨ ᠡᠷᠭᠢᠵᠤ ᠮᠥᠷᠭᠦᠯ ᠭᠢᠭᠦ ᠨᠠᠷᠠᠪᠴᠢ ᠲᠡᠶ᠂ ᠠᠰᠠᠷ ᠤᠨ ᠡᠮᠤᠨ᠎ᠡ ᠳᠠᠯ᠎ᠠ ᠶᠢᠨ ᠭᠤᠤᠯ ᠳᠤᠮᠳᠠ ᠨᠢ ᠬᠤᠤᠰ ᠠᠯᠳᠠᠨ ᠪᠣᠭᠤ ᠶᠢ ᠭᠡᠪᠳᠡᠭᠡ ᠶᠠᠡᠭᠵᠤ ᠲᠡᠶ ᠬᠠᠷᠢᠯᠴᠠᠨ ᠡᠰᠡᠷᠭᠦ ᠬᠠᠠᠳᠤᠭᠤᠯᠤᠨ ᠳᠠᠯᠪᠢᠵᠠᠢ᠃ ᠠᠰᠠᠷ ᠨᠢ ᠳᠦᠷᠪᠡᠨ ᠮᠤᠳᠤᠨ ᠳᠤᠯᠭᠠᠭᠤᠷᠢ ᠲᠡᠶ᠂ ᠳᠤᠯᠭᠠᠭᠤᠷᠢ ᠶᠢᠨ ᠬᠤᠭᠤᠷᠤᠠᠳᠤᠭᠢ ᠭᠡᠷᠡᠮ ᠢ ᠮᠤᠳᠤᠨ ᠬᠠᠪᠳᠠᠰᠤ ᠪᠠᠷ ᠪᠣᠰᠬᠠᠨ ᠭᠠᠳᠠᠷ ᠳᠠᠯ᠎ᠠ ᠶᠢ ᠨᠢ ᠨᠢᠮᠭᠡᠨ ᠳᠠᠮᠤᠷ ᠶᠢᠡᠷ ᠪᠦᠷᠢᠵᠤ᠂ ᠣᠯᠠᠭᠠᠨ ᠶᠢᠡᠷ ᠪᠣᠳᠤᠵᠠᠢ᠃ ᠳᠡᠭᠡᠳᠤ ᠳᠠᠪᠬᠤᠷᠯᠢᠭ ᠤᠨ ᠭᠤᠤᠯ ᠳᠤ ᠬᠠᠷ᠎ᠠ ᠮᡁᠠᠺᠠᠯᠠ ᠪᠣᠷᠬᠠᠨ ᠪᠠ ᠣᠯᠠᠨ ᠱᠤᠭᠤᠮᠠᠯ ᠪᠣᠷᠬᠠᠨ ᠢ ᠵᠢᠭ᠍ᠳᠡᠷᠡᠭᠦᠯᠤᠨ ᠂ ᠳᠡᠭᠦᠨ ᠤ ᠡᠮᠤᠨ᠎ᠡ ᠨᠢ ᠶᠡᠭᠡ ᠪᠠᠭ᠎ᠠ ᠮᠦᠩᠭᠦ᠂ ᠭᠠᠤᠯᠢ᠂ ᠵᠠᠰ ᠤᠨ ᠳᠠᠭᠢᠯ ᠵᠤᠯᠠ ᠨᠤᠭᠤᠳ ᠢ ᠵᠡᠷᠭᠡᠴᠡᠭᠦᠯᠤᠨ ᠵᠢᠬᠰᠠᠭᠠᠵᠠᠢ᠃
ᠳᠤᠭᠠᠩ ᠤᠨ ᠳᠤᠳᠤᠭᠠᠳᠤ ᠳᠤ ᠬᠠᠪᠳᠠᠰᠤᠨ ᠱᠠᠯᠠ ᠲᠡᠶ᠂ ᠭᠡᠷᠡᠮ ᠨᠢ ᠴᠠᠭᠠᠨ ᠥᠩᠭᠡ ᠲᠡᠶ᠂ ᠳᠤᠭᠠᠩ ᠤᠨ ᠳᠡᠭᠡᠪᠦᠷᠢ ᠨᠢ ᠴᠡᠩᠭᠡᠷ ᠥᠩᠭᠡ ᠲᠡᠶ᠂ ᠳᠤᠮᠳᠠ ᠨᠢ ᠨᠠᠶᠠ ᠭᠠᠷᠤᠢ ᠭᠡᠰᠡᠭ᠌ ᠡᠷᠳᠡᠨᠢ ᠪᠠᠷ ᠨᠠᠭᠠᠳᠤᠭᠰᠠᠨ ᠬᠤᠤᠰ ᠯᠤᠤ ᠶᠢᠨ ᠭᠡᠪᠳᠡᠭᠡ ᠴᠠᠭᠠᠷᠢᠭ ᠲᠡᠶ᠂ ᠳᠤᠭᠠᠩ ᠤᠨ ᠵᠡᠭᠦᠨ ᠭᠡᠷᠡᠮ ᠳᠤ ᠭᠤᠴᠢᠨ ᠬᠤᠶᠠᠷ ᠮᠤᠲ᠋ᠤᠷᠳᠤ ᠶᠠᠮᠠᠨᠳᠠᠭ ᠪᠣᠷᠬᠠᠨ ᠤ ᠭᠦᠷᠦᠭ᠌ ᠢ ᠡᠯᠭᠦᠵᠤ ᠂ ᠪᠠᠷᠠᠭᠤᠨ ᠳᠠᠯ᠎ᠠ ᠳᠤᠨᠢ ᠨᠠᠮᠰᠠᠷᠠᠢ ᠂ ᠭᠤᠮᠪᠣ ᠂ ᠨᠤᠭᠤᠭᠠᠨ ᠳ᠋ᠠᠷ᠎ᠠ ᠂ ᠠᠷᠢᠶᠠᠪᠠᠯᠤ ᠵᠡᠷᠭᠡ ᠶᠢᠨ ᠭᠠᠤᠯᠢ ᠵᠠᠰ ᠤᠨ ᠣᠯᠠᠨ ᠪᠣᠷᠠᠬᠤᠨ ᠤᠨ ᠭᠦᠷᠦᠭ᠌ ᠢ ᠵᠡᠷᠭᠡᠴᠡᠭᠦᠯᠤᠨ ᠳᠠᠯᠪᠢᠵᠤ ᠂ ᠳᠤᠭᠠᠩ ᠤᠨ ᠬᠣᠢ᠌ᠨ᠎ᠠ ᠭᠡᠷᠡᠮ ᠤᠨ ᠭᠤᠤᠯ ᠪᠣᠷᠠᠬᠤᠨ ᠤᠨ ᠵᠡᠭᠦᠨ ᠪᠠᠷᠠᠭᠤᠨ ᠬᠤᠶᠠᠷ ᠳᠠᠯ᠎ᠠ ᠳᠤ ᠵᠠᠭᠤ ᠨᠠᠢᠮᠠᠨ ᠪᠣᠳᠢ ᠭᠠᠠᠵᠤᠤᠷ ᠳ᠋ᠠᠠᠵᠤᠤᠷ ᠢ ᠵᠢᠬᠰᠠᠭᠠᠨ ᠳᠠᠯᠪᠢᠵᠠᠢ᠃ ᠳᠤᠭᠠᠩ ᠤᠨ ᠳᠤᠳᠤᠭᠠᠳᠤ ᠳᠤ ᠳᠦᠷᠪᠡᠨ ᠳᠤᠯᠭᠠᠭᠤᠷᠢ ᠲᠡᠶ ᠪᠦᠭᠡᠤᠨ ᠳᠤᠯᠭᠠᠭᠤᠷᠢ ᠪᠦᠭᠦᠨ ᠢ ᠴᠦᠮ ᠠᠯᠳᠠᠨ ᠯᠤᠤ ᠪᠠᠷ ᠳᠡᠪᠠᠷᠢᠭᠦᠯᠤᠨ ᠣᠷᠢᠶᠠᠭᠠᠤᠨ ᠪᠠᠭᠠᠨ᠎ᠠ ᠶᠢᠨ ᠬᠤᠭᠤᠷᠤᠠᠳᠤᠭᠢ ᠭᠦᠡᠳᠡᠢ ᠵᠠᠢ ᠶᠢ ᠦᠪᠴᠢ ᠴᠢᠮᠡᠭᠯᠡᠵᠤ ᠂ ᠮᠠᠠᠳᠠᠷᠠᠸ᠎ᠠ ᠂ ᠽᠠᠭᠠ ᠴᠡᠴᠡᠭ᠌ ᠶᠢᠡᠷ ᠭᠦᠷᠢᠶᠡᠯᠡᠭᠦᠯᠤᠨ ᠭᠤᠶᠤᠯᠠᠵᠤ ᠂ ᠭᠠᠪᠢᠷ᠎ᠠ ᠶᠢᠨ ᠭᠦᠵᠢᠰ ᠢ ᠡᠩᠨᠡᠭᠦᠯᠤᠨ ᠳᠡᠯᠪᠢᠪᠡ᠃
ᠬᠠᠭᠤᠷᠮᠠᠭ ᠮᠠᠠᠵᠤ ᠶᠢᠨ ᠦᠶᠡᠰ ᠲᠤ᠂ ᠭᠢᠩᠭ᠋ᠠᠨ ᠬᠣᠢ᠌ᠳᠤ ᠮᠤᠵᠢ ᠶᠢᠨ ᠳᠠᠷᠤᠭ᠎ᠠ ᠡᠷᠭᠢᠮᠪᠠᠳᠤ ᠶᠢᠨ ᠭᠢᠯᠭᠡᠵᠤ ᠦᠭᠭᠦᠭ᠍ᠰᠡᠨ ᠪᠣᠭᠳᠠ ᠽᠦᠡᠭ᠍ᠺᠠᠪᠠ ᠪᠣᠷᠬᠠᠨ ᠢ ᠳᠤᠭᠠᠩ ᠤᠨ ᠬᠣᠢ᠌ᠳᠤ ᠭᠡᠷᠡᠮ ᠤᠨ ᠭᠤᠤᠯ ᠳᠤᠮᠳᠠ ᠨᠢ ᠭᠢᠴᠢᠶᠡᠩᠭᠦᠢ᠌ᠯᠡᠨ ᠳᠠᠯᠪᠢᠵᠠᠢ ᠃ ᠡᠨᠡ ᠪᠣᠷᠬᠠᠨ ᠤ ᠰᠠᠭᠤᠷᠢ ᠪᠠ ᠰᠠᠭᠤᠳᠠᠯ ᠢ ᠪᠣᠳᠤᠬᠤ ᠦᠭᠡᠶ ᠪᠠᠷ ᠪᠣᠷᠬᠠᠨ ᠪᠠᠶ᠎ᠠ ᠨᠢ ᠬᠤᠶᠠᠷ ᠮᠸᠲ᠋ᠷ ᠡᠴᠠ ᠭᠡᠳᠦᠷᠡᠵᠤ ᠂ ᠪᠣᠷᠬᠠᠨ ᠤ ᠳᠤᠯᠤᠭᠠᠢ ᠨᠢ ᠣᠷᠤᠢ ᠳᠤ ᠳᠤᠯᠬᠤ ᠵᠠᠪᠳᠤᠵᠠᠢ᠃
ᠳᠤᠰ ᠰᠦᠮ᠎ᠡ ᠶᠢ ᠪᠠᠢ᠌ᠭᠤᠯᠬᠤ ᠦᠶ᠎ᠡ ᠳᠤ 《 ᠪᠠᠶᠠᠨ ᠴᠠᠭᠠᠨ ᠰᠦᠮ᠎ᠡ》 ᠶᠢ ᠵᠠᠳᠠᠯᠤᠨ ᠪᠠᠭᠤᠯᠭᠠᠵᠤ ᠠᠪᠴᠢᠷᠠᠭᠰᠠᠨ ᠪᠦᠭᠡᠤᠨ ᠪᠣᠶᠠᠠᠳᠤᠭᠳᠠᠬᠤ ᠭᠠᠯᠢᠳᠠ ᠠᠷᠠᠤᠨ ᠡᠴᠠ ᠳᠠᠳᠠᠪᠣᠷᠢ ᠳᠠᠳᠠᠵᠤ ᠂ ᠰᠦᠩᠴᠢᠩ ᠂ ᠡᠡᠶᠦᠭᠦᠢ ᠂ ᠨᠠᠠᠽᠢᠤᠨ ᠂ ᠱᠠᠯᠳᠠᠢ ᠂ ᠳ᠋ᠠᠯᠠᠬᠠ ᠵᠡᠷᠭᠡ ᠯᠠᠮᠠ ᠨᠡᠷ ᠪᠠᠷᠠᠭᠤᠨ ᠂ ᠵᠡᠭᠦᠨ ᠬᠤᠰᠢᠭᠤ ᠪᠣᠯᠤᠨ ᠬᠠᠭᠤᠴᠢᠨ ᠪᠠᠷᠭᠤ ᠬᠤᠰᠢᠭᠤ ᠪᠠᠷ ᠥᠭᠡᠷ ᠠᠳᠤᠭᠤ ᠬᠤᠨᠢ ᠪᠠᠳᠢᠷᠯᠠᠨ ᠣᠯᠵᠤ ᠂ ᠬᠠᠢ᠌ᠯᠠᠷ ᠬᠤᠳᠠ ᠳᠤ ᠠᠪᠠᠴᠢᠨ ᠬᠤᠳᠠᠯᠳᠤᠵᠤ ᠂ ᠵᠤᠭᠤᠰ ᠪᠣᠯᠭᠠᠨ ᠰᠦᠮ᠎ᠡ ᠪᠠᠷᠢᠬᠤ ᠳᠤ ᠵᠠᠷᠤᠴᠠᠭᠤᠯᠤᠭᠰᠠᠨ ᠪᠠᠢ᠌ᠨ᠎ᠠ᠃ ᠨᠠᠢ᠌ᠳᠠ ᠵᠠᠷᠤᠴᠠᠭᠤᠯᠤᠭᠰᠠᠨ ᠵᠤᠭᠤᠰ ᠨᠢ ᠳᠦᠷᠪᠡᠨ ᠮᠢᠩᠭ᠋ᠠᠨ ᠯᠠᠩ ᠮᠦᠩᠭᠦᠨ ᠳᠤ ᠭᠦᠷᠴᠡᠢ᠃
ᠳᠤᠬᠠᠢ ᠶᠢᠨ ᠦᠶ᠎ᠡ ᠳᠤ ᠭᠡᠡᠳᠡᠩ ᠰᠢᠷᠡᠭᠡᠳᠤ᠂ ᠰᠦᠩᠴᠢᠩ ᠳ᠋ᠠ ᠯᠠᠮᠠ᠃ ᠡᠡᠶᠦᠭᠦᠢ ᠭᠡᠰᠭᠦᠢ᠂ ᠨᠠᠠᠽᠠᠤᠨ ᠣᠮᠽᠠᠤᠨ ᠳᠦᠷᠦᠭᠦᠳᠡᠢ ᠨᠠᠶᠠ ᠭᠠᠷᠤᠢ ᠥᠭᠡᠯᠡᠳ ᠯᠠᠮᠠ᠂ ᠨᠢᠭᠡ ᠵᠠᠷᠤᠳ ᠯᠠᠮᠠ ᠪᠠᠢ᠌ᠵᠠᠢ ᠃ ᠭᠡᠡᠳᠡᠩ ᠰᠢᠷᠡᠭᠡᠳᠤ ᠥᠭᠦᠭ᠍ᠰᠡᠨ ᠤ ᠳᠠᠷᠠᠭ᠎ᠠ ᠰᠦᠩᠴᠢᠩ ᠳ᠋ᠠ ᠯᠠᠮᠠ ᠵᠠᠯᠭᠠᠮᠵᠢᠯᠠᠨ ᠰᠢᠷᠡᠭᠡᠳᠤ ᠯᠠᠮᠠ ᠪᠣᠯᠤᠭᠰᠠᠨ ᠪᠠᠢ᠌ᠨ᠎ᠠ ᠃
1947 ᠣᠨ ᠤ 6 ᠰᠠᠷ᠎ᠠ ᠳᠤ᠂ ᠬᠠᠮᠤᠭ ᠰᠡᠭᠦᠯᠴᠢ ᠶᠢᠨ ᠮᠠᠢ᠌ᠳᠠᠷᠢ ᠶᠢᠨ ᠬᠤᠷᠠᠯ ᠶᠢᠡᠨ ᠬᠤᠷᠠᠯᠳᠤᠭᠰᠠᠨ ᠶᠤᠮ ᠃ ᠰᠦᠮ᠎ᠡ ᠶᠢᠨ ᠣᠩᠰᠢᠯᠭ᠎ᠠ ᠶᠢᠨ ᠨᠤᠮ ᠬᠤᠷᠠᠯ ᠳᠤ ᠳᠦᠴᠢ ᠣᠷᠴᠢᠮ ᠤᠨ ᠯᠠᠮᠠ ᠨᠡᠷ ᠣᠷᠤᠯᠴᠠᠨ ᠲᠦᠪᠡᠳ ᠨᠤᠮ ᠤᠨ ᠣᠩᠰᠢᠯᠭ᠎ᠠ ᠣᠩᠰᠢᠳᠠᠭ ᠃ ᠬᠤᠷᠠᠯ ᠤᠨ ᠳᠠᠷᠠᠭ᠎ᠠ ᠬᠤᠷᠢ ᠣᠷᠴᠢᠮ ᠤᠨ ᠯᠠᠮᠠ ᠨᠡᠷ ᠰᠦᠮ᠎ᠡ ᠳᠡᠭᠡᠨ ᠰᠠᠭᠤᠵᠤ ᠪᠣᠰᠤᠳ ᠯᠠᠮᠠ ᠨᠡᠷ ᠨᠢ ᠭᠡᠷ ᠲᠡᠭᠡᠨ ᠬᠠᠷᠢᠳᠠᠭ ᠃ ᠠᠷᠪᠠᠨ ᠭᠡᠳᠤᠨ ᠪᠠᠠᠳᠢ ᠱᠠᠪᠢ ᠲᠡᠶ ᠪᠠᠢ᠌ᠭᠰᠠᠨ ᠡᠴᠠ ᠭᠠᠳᠠᠨ᠎ᠠ ᠳᠠᠮᠴᠢ ᠂ ᠨᠢᠷᠪᠠ ᠂ ᠵᠠᠮ᠎ᠠ ᠂ ᠰᠠᠩ ᠵᠢᠰᠠ ᠶᠢᠨ ᠯᠠᠮᠠ ᠨᠡᠷ ᠲᠡᠶ ᠴᠤ ᠪᠠᠢ᠌ᠵᠠᠢ ᠃
ᠰᠦᠮ᠎ᠡ ᠶᠢᠨ ᠴᠠᠭ ᠤᠨ ᠬᠤᠷᠠᠯ ᠨᠢ ᠄
ᠴᠠᠭᠠᠨ ᠰᠠᠷ᠎ᠠ ᠶᠢᠨ 8 ᠊᠊᠊᠊᠊᠊᠊᠊ 15 ᠡᠳᠦᠷ ᠭᠦᠷᠳᠡᠯ᠎ᠡ ᠢᠷᠦᠭᠡᠯ ᠨᠤᠮ ᠤᠨ ᠬᠤᠷᠠᠯ ᠲᠡᠶ᠃
ᠳᠦᠷᠪᠡᠨ ᠰᠠᠷ᠎ᠠ ᠶᠢᠨ 8 ᠊᠊᠊᠊᠊᠊᠊ 15 ᠡᠳᠦᠷ ᠭᠦᠷᠳᠡᠯ᠎ᠡ ᠨᠦᠩᠨᠠᠢ ᠶᠢᠨ ᠬᠤᠷᠠᠯ ᠲᠡᠶ᠃
ᠵᠢᠷᠭᠤᠭᠠᠨ ᠰᠠᠷ᠎ᠠ ᠶᠢᠨ 8 ᠊᠊᠊᠊᠊᠊᠊ 10 ᠡᠳᠦᠷ ᠪᠣᠯᠳᠠᠯ᠎ᠠ ᠪᠣᠭᠳᠠ ᠶᠢᠨ ᠮᠡᠡᠳᠦᠯᠡᠭ᠍ᠰᠡᠨ ᠡᠳᠦᠷ ᠤᠨ ᠳᠤᠷᠠᠰᠬᠠᠯᠳᠤ ᠬᠤᠷᠠᠯ ᠲᠡᠶ᠃
ᠶᠢᠰᠤᠨ ᠰᠠᠷ᠎ᠠ ᠶᠢᠨ 22 ᠊᠊᠊᠊᠊᠊᠊ 25 ᠤ ᠡᠳᠦᠷ ᠪᠣᠯᠳᠠᠯ᠎ᠠ ᠮᠢᠩᠭ᠋ᠠᠨ ᠵᠤᠯᠠ ᠶᠢᠨ ᠬᠤᠷᠠᠯ ᠲᠡᠶ᠃
ᠠᠷᠪᠠᠨ ᠬᠤᠶᠠᠷ ᠰᠠᠷ᠎ᠠ ᠶᠢᠨ 27 ᠶᠢᠨ ᠡᠳᠦᠷ ᠡᠴᠠ ᠨᠢᠭᠡ ᠰᠠᠷ᠎ᠠ ᠶᠢᠨ 9 ᠤ ᠡᠳᠦᠷ ᠪᠣᠯᠳᠠᠯ᠎ᠠ ᠰᠠᠮ ᠪᠣᠷᠬᠠᠨ ᠰᠤᠷ ᠤᠨ ᠬᠤᠷᠠᠯ ᠲᠡᠶ ᠪᠠᠢ᠌ᠵᠠᠢ ᠃
ᠰᠦᠮ᠎ᠡ ᠵᠢᠨ ᠵᠡᠭᠦᠨ ᠳᠠᠯ᠎ᠠ ᠳ᠋ᠤᠨᠢ ᠯᠠᠮᠠ ᠨᠡᠷ ᠤᠨ ᠰᠠᠭᠤᠬᠤ ᠭᠡᠷ ᠪᠠᠢ᠌ᠰᠢᠩ ᠲᠡᠶ᠂ ᠰᠠᠩ ᠵᠢᠰᠠ ᠳᠤᠰᠪᠣᠷᠢ ᠴᠦᠮ ᠨᠢᠭᠡᠨ ᠳᠤᠮᠤ ᠪᠠᠢ᠌ᠰᠢᠩ ᠲᠡᠶ ᠪᠦᠭᠡᠤᠨ ᠵᠢᠰᠠ ᠳᠠᠭᠠᠨ ᠳᠠᠪᠤᠨ ᠵᠠᠭᠤ ᠭᠠᠷᠤᠢ ᠬᠤᠨᠢ ᠲᠡᠶ᠂ ᠳᠦᠴᠢ ᠭᠠᠷᠤᠢ ᠥᠭᠡᠷ ᠲᠡᠶ᠂ ᠳᠦᠷᠪᠡᠨ ᠮᠤᠷᠢ ᠲᠡᠶ᠂ ᠬᠤᠶᠠᠷ ᠳᠡᠮᠡᠭᠡ ᠲᠡᠶ ᠪᠠᠢ᠌ᠵᠠᠢ᠃ 1957 ᠣᠨ ᠤ ᠬᠠᠪᠰᠤᠷᠤᠯ ᠬᠤᠷᠰᠢᠶᠠᠵᠢᠯ ᠤᠨ ᠦᠶ᠎ᠡ ᠳᠤ ᠬᠤᠶᠠᠷ ᠮᠤᠷᠢ᠂ ᠳᠠᠪᠤᠨ ᠥᠭᠡᠷ ᠬᠤᠷᠰᠢᠶᠠᠵᠢᠯ ᠳᠤ ᠬᠤᠪᠢ ᠣᠷᠤᠭᠰᠠᠨ ᠪᠠᠢ᠌ᠨ᠎ᠠ᠃ ᠨᠢᠭᠡ ᠪᠣᠬ᠎ᠠ ᠬᠤᠳᠠᠯᠳᠤᠨ ᠬᠠᠩᠭ᠋ᠠᠨ ᠪᠣᠷᠤᠯᠠᠭᠤᠯᠬᠤ ᠬᠤᠷᠰᠢᠶ᠎ᠠ ᠳᠤ ᠬᠤᠪᠢ ᠣᠷᠤᠭᠰᠠᠨ ᠪᠠᠢ᠌ᠨ᠎ᠠ᠃
ᠵᠢᠷᠭᠤᠭᠠᠨ ᠰᠠᠷ᠎ᠠ ᠶᠢᠨ ᠮᠠᠢ᠌ᠳᠠᠷᠢ ᠬᠤᠷᠠᠯ ᠬᠤᠷᠠᠯᠳᠤᠬᠤ ᠭᠡᠷᠡᠭ᠍ᠰᠡᠯ ᠳᠤ ᠴᠢᠨᠡᠭᠡᠯᠢᠭ᠌ ᠰᠢᠭ᠌ ᠨᠠᠢᠮᠠᠨ ᠠᠢ᠌ᠯ ᠡᠴᠠ ᠳᠤᠰ ᠳᠤᠰ ᠨᠢᠭᠡᠨ ᠬᠤᠨᠢ᠂ ᠨᠢᠭᠡ ᠭᠡᠪ ᠤᠨ ᠴᠠᠢ ᠂ ᠨᠢᠭᠡ ᠭᠢᠶᠠᠰ (30 ᠵᠢᠩ) ᠪᠣᠳᠠᠭ᠎ᠠ ᠂ ᠨᠢᠭᠡ ᠣᠭᠤᠳᠠ ᠭᠤᠯᠢᠷ ᠳᠠᠳᠠᠪᠣᠷᠢᠯᠠᠵᠤ ᠂ ᠪᠣᠰᠤᠳ ᠢ ᠰᠦᠮ᠎ᠡ ᠶᠢᠨ ᠰᠠᠩ ᠵᠢᠰᠠ ᠡᠴᠠ ᠭᠠᠷᠭᠠᠳᠠᠭ ᠪᠠᠢ᠌ᠭᠰᠠᠨ ᠪᠠᠢ᠌ᠨ᠎ᠠ᠃
ᠶᠡᠭᠡ ᠪᠠᠭ᠎ᠠ ᠬᠤᠷᠠᠯ ᠤᠨ ᠳᠠᠭ᠎ᠠ ᠪᠠᠷᠢᠴᠠ ᠣᠷᠤᠯᠭ᠎ᠠ ᠶᠢ ᠳᠡᠭ᠍ᠰᠢᠦᠡᠭᠡᠨ ᠪᠣᠳᠤᠭᠠᠤᠨ ᠯᠠᠮᠠ ᠨᠡᠷ ᠲᠤ ᠵᠠᠭᠤᠨ ᠴᠠᠯᠢᠩ ᠳᠠᠯᠪᠢᠬᠤ᠂ ᠪᠦᠭᠦᠳᠡ ᠶᠢᠨ ᠥᠢᠯᠡᠦᠡᠭᠦ ᠬᠤᠷᠠᠯ ᠶᠢᠡᠷ ᠰᠠᠩ ᠵᠢᠰᠠ᠂ ᠰᠦᠮ᠎ᠡ ᠭᠡᠢ᠌ᠤᠨ ᠤᠨ ᠣᠢ᠌ᠯᠠ ᠶᠠᠪᠣᠳᠠᠯ ᠢ ᠰᠢ᠌ᠦᠡᠪᠦᠷᠢᠯᠡᠭᠦ ᠂ ᠰᠠᠩ ᠤᠨ ᠵᠢᠰᠠ ᠶᠢᠨ ᠡᠳ᠋ ᠪᠣᠯᠤᠨ ᠮᠠᠯ ᠰᠥᠷᠦᠭ᠌ ᠢ ᠬᠠᠮᠢᠶᠠᠷᠬᠤ ᠳᠦᠷᠢᠮ ᠲᠡᠶ ᠪᠠᠢ᠌ᠵᠠᠢ ᠃ ᠴᠡᠭᠡᠷᠯᠡᠯ ᠢ ᠡᠪᠳᠡᠭᠦ ᠂ ᠴᠢᠯᠦᠭᠡ ᠭᠡᠯᠡᠭᠦ ᠂ ᠬᠤᠷᠠᠯ ᠳᠤ ᠢᠨᠢᠶᠡᠭᠦ ᠂ ᠥᠭᠡ ᠭᠡᠯᠡᠯᠴᠡᠭᠦ ᠣᠴᠢᠷ ᠲᠤ ᠨᠢᠭᠡ ᠮᠤᠳᠤ ᠵᠠᠠᠴᠢᠬᠤ ᠮᠠᠳᠤ ᠬᠠᠤᠯᠢ ᠴᠠᠭᠠᠵᠠ ᠶᠢᠨ ᠶᠤᠰᠤ ᠪᠠᠢ᠌ᠵᠠᠢ᠃
ᠰᠦᠮ᠎ᠡ ᠨᠢ ᠬᠡᠳᠦᠢ᠌ᠪᠡᠷ ᠪᠠᠭ᠎ᠠ ᠪᠠᠢ᠌ᠭᠰᠠᠨ ᠪᠣᠯᠪᠠᠴᠤ ᠮᠦᠩᠭᠦᠨ ᠴᠢᠮᠡᠭᠯᠡᠯ ᠲᠡᠶ ᠪᠢᠰᠭᠢᠭᠦᠷ ᠂ ᠮᠦᠩᠭᠦᠨ ᠵᠠᠰᠠᠯ ᠲᠡᠶ ᠭᠠᠠᠳᠠᠩ ᠂ ᠥᠭᠡᠷ ᠪᠦᠷᠢᠶ᠎ᠡ ᠂ ᠬᠠᠷᠠᠡᠭᠭᠠ ᠭᠡᠩᠭᠡᠷᠭᠡ ᠂ ᠮᠦᠩᠭᠦ ᠪᠠ ᠭᠠᠤᠯᠢ᠂ ᠭᠦᠷᠡᠯ ᠮᠠᠳᠤ ᠶᠢᠨ ᠳᠠᠭᠢᠯ ᠴᠥᠭᠦᠴᠡ ᠵᠡᠷᠭᠡ ᠦᠨᠡᠳᠤ ᠡᠳ᠋ᠯᠡᠯ ᠪᠦᠷᠢᠨ ᠳᠡᠭᠦᠯᠳᠡᠷ ᠪᠠᠢ᠌ᠵᠠᠢ᠃
1945 ᠣᠨ ᠤ ᠳᠡᠯᠡᠭᠡᠢ ᠶᠢᠨ ᠬᠤᠶᠠᠳᠤᠭᠠᠷ ᠳᠠᠢ᠌ᠨ ᠤ ᠰᠡᠭᠦᠯᠴᠢ ᠦᠶ᠎ᠡ ᠪᠠᠷ ᠣᠷᠤᠰ ᠶᠠᠫᠣᠨ ᠤ ᠳᠠᠢ᠌ᠨ ᠤ ᠭᠦᠯ ᠳᠤ ᠳᠠᠭᠠᠷᠢᠭᠳᠠᠭᠰᠠᠨ ᠡᠴᠠ ᠰᠦᠮ᠎ᠡ ᠶᠢᠨ ᠰᠠᠩ ᠬᠤᠭᠤᠰᠤᠷᠠᠵᠤ ᠵᠢᠰᠠ ᠶᠢᠨ ᠮᠠᠯ ᠤᠨ ᠳᠤᠭ᠎ᠠ ᠴᠥᠭᠡᠷᠡᠵᠤ ᠂ ᠰᠦᠮ᠎ᠡ ᠳᠤ ᠰᠠᠭᠤᠬᠤ ᠯᠠᠮᠠ ᠨᠡᠷ ᠤᠨ ᠳᠤᠭ᠎ᠠ ᠬᠠᠰᠤᠭᠳᠠᠵᠤ ᠂ ᠵᠥᠪᠭᠡᠨ ᠰᠦᠩᠴᠢᠩ ᠰᠢᠷᠡᠭᠡᠳᠤ ᠂ ᠳ᠋ᠠᠳᠠ ᠵᠡᠷᠭᠡ ᠨᠡᠷ ᠯᠠ ᠰᠠᠭᠤᠵᠤ ᠪᠠᠢ᠌ᠪᠠ ᠃ ᠬᠤᠵᠢᠮ ᠨᠢ ᠡᠳᠡᠭᠡᠷ ᠯᠠᠮᠠ ᠨᠡᠷ ᠴᠤ ᠰᠦᠮ᠎ᠡ ᠳᠤ ᠰᠠᠭᠤᠬᠤ ᠦᠭᠡᠶ ᠪᠣᠯᠤᠭᠠᠤᠨ ᠂ ᠰᠦᠮ᠎ᠡ ᠶᠢ ᠬᠠᠮᠢᠶᠠᠷᠠᠬᠤ ᠭᠦᠮᠤᠨ ᠦᠭᠡᠶ ᠪᠣᠯᠵᠤ ᠂ ᠳᠡᠦᠭᠡᠨ ᠳᠤᠷᠠᠰᠬᠠᠯᠳᠤ ᠵᠣᠢ᠌ᠯ ᠢ ᠴᠥᠭᠡᠨ ᠳᠤᠭᠠᠨ ᠤ ᠬᠤᠪᠳᠤᠭ ᠰᠢᠨᠤᠬᠠᠢ ᠭᠦᠮᠦᠰ ᠬᠤᠯᠠᠭᠠᠢ᠌ᠯᠠᠨ ᠠᠪᠴᠤ ᠂ ᠡᠪᠳᠡᠯᠡᠨ ᠰᠥᠢᠦᠡᠭᠡᠭ᠍ᠰᠡᠨ ᠪᠠᠢ᠌ᠨ᠎ᠠ ᠂ ᠰᠤᠶᠤᠯ ᠤᠨ ᠬᠤᠪᠢᠰᠬᠠᠯ ᠤᠨ ᠰᠠᠮᠠᠭᠤᠷᠠᠯ ᠤᠨ ᠳᠤᠮᠳᠠ ᠰᠦᠮ᠎ᠡ ᠶᠢᠨ ᠭᠡᠷ ᠪᠠᠷᠢᠯᠭ᠎ᠠ ᠶᠢ ᠨᠤᠷᠠᠭᠠᠨ ᠡᠪᠳᠡᠯᠡᠵᠤ᠂ ᠪᠣᠷᠬᠠᠨ ᠰᠢᠳᠦᠭᠡᠨ ᠢ ᠬᠤᠳᠠᠯᠳᠤᠨ ᠬᠤᠶᠠᠷ ᠵᠠᠭᠤ ᠭᠠᠷᠤᠢ ᠵᠢᠯ ᠤᠨ ᠳᠡᠦᠭᠡ ᠲᠡᠶ ᠥᠭᠡᠯᠡᠳ ᠤᠨ ᠰᠦᠮ᠎ᠡ ᠭᠡᠢ᠌ᠤᠨ ᠣᠷᠤ ᠮᠦᠷ ᠦᠭᠡᠶ ᠪᠣᠯᠵᠠᠢ ᠃ ᠣᠳᠤ ᠵᠥᠪᠭᠡᠨ ᠡᠳᠡᠭᠡᠷ ᠰᠦᠮ᠎ᠡ ᠭᠡᠢ᠌ᠤᠨ ᠤᠨ ᠰᠠᠭᠤᠷᠢ ᠪᠠᠭᠤᠷᠢ ᠯᠠ ᠪᠠᠢ᠌ᠬᠤ ᠶᠤᠮ᠃
ᠵᠤᠬᠢᠶᠠᠭᠴᠢ ᠶᠢᠨ ᠬᠠᠶᠢᠭ ᠄ ᠡᠸᠡᠩᠭᠢ ᠬᠤᠰᠢᠭᠤᠨ ᠤ ᠳᠸᠯᠸᠢᠰ ᠬᠤᠷᠢᠶ᠎ᠠ
ᠵᠤᠬᠢᠶᠠᠭᠴᠢ᠄ ᠤᠢ᠌ᠳᠣᠪ · ᠫᠢᠯᠵᠢᠳ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 64135
ᠴᠠᠭ᠄ 2015 ᠤᠨ ᠤ 01 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ