ᠨᠡᠪᠲᠡᠷᠡᠨ ᠤᠷᠤᠬᠤ
ᠪᠣᠰᠤᠭ᠎ᠠ ᠭᠡᠯᠡᠨ ᠤ ᠳᠠᠭᠤᠯᠠᠯ

ᠪᠠᠶᠠᠠᠬᠤᠰᠤᠭᠤ ᠳᠦᠷᠪᠠᠳᠦᠭᠡᠷ ᠳᠤᠮᠳᠠᠳᠤ ᠰᠤᠷᠭᠠᠭᠤᠯᠢ

ᠪᠠᠬᠠᠷᠤᠯᠳᠠᠢ ᠰᠠᠢ᠌ᠬᠠᠨ ᠥᠯᠦᠭᠡᠢ ᠶᠤᠮ

ᠪᠠᠭᠠᠴᠤᠳ ᠬᠡᠦᠬᠡᠳ ᠤᠨ ᠢᠨᠢᠶᠠᠳᠤ ᠬᠠᠩᠭᠢᠨᠠᠭᠰᠠᠨ

ᠪᠠᠳᠠᠭ ᠰᠢᠯᠦᠭ᠌ ᠤᠨ ᠣᠷᠤᠨ ᠶᠤᠮ


ᠪᠠᠳᠤᠴᠠᠭᠠᠨ ᠤ ᠨᠠᠪᠴᠢ ᠪᠠᠷ ᠪᠣᠳᠤᠭᠯᠠᠭᠰᠠᠨ

ᠪᠠᠶᠠᠯᠢᠭ ᠰᠤᠶᠤᠯ ᠤᠨ ᠠᠰᠠᠷ ᠳᠠᠢ

ᠪᠠᠭᠠᠳᠤᠷ ᠴᠢᠩᠭᠢᠰ ᠤᠨ ᠰᠤᠷᠭᠠᠯ ᠰᠡᠢ᠌ᠯᠦᠭ᠍ᠰᠡᠨ

ᠪᠠᠶᠠᠨ ᠮᠤᠩᠭ᠋ᠤᠯ ᠵᠢᠷᠤᠭ ᠳᠠᠢ


ᠴᠠᠪᠠᠷ ᠳᠤᠭᠢᠯᠢᠭ ᠰᠤᠷᠭᠠᠭᠤᠯᠢ ᠶᠢᠨ ᠭᠦᠷᠢᠶ᠎ᠡ ᠨᠢ

ᠦᠷᠯᠦᠭᠡ ᠶᠢᠨ ᠨᠠᠷᠠᠨ ᠳᠤ ᠭᠢᠯᠠᠯᠵᠠᠭᠠᠤᠨ

ᠴᠡᠮᠴᠡᠭᠡᠷ ᠭᠤᠶᠤ ᠰᠤᠷᠤᠯᠭ᠎ᠠ ᠶᠢᠨ ᠳᠢᠩᠭᠢᠮ ᠳ᠋ᠤ

ᠡᠷᠳᠡ ᠶᠢᠨ ᠨᠠᠢ᠌ᠷᠠᠭ ᠣᠶᠠᠩᠭ᠋ᠠᠷᠠᠨ᠎ᠠ


ᠳᠡᠨᠢᠭᠡᠷ ᠠᠭᠤᠳᠠᠮ ᠳᠠᠮᠢᠷ ᠤᠨ ᠳᠠᠯᠠᠪᠣᠷ ᠳᠤ

ᠬᠤᠨ ᠤ ᠰᠦᠯᠳᠡ ᠰᠥᠡᠳᠡᠷᠯᠡᠭᠡᠳ

ᠳᠡᠭ᠍ᠷᠢ ᠪᠠᠭᠠᠨᠠᠳᠠᠮ᠎ᠠ ᠬᠠᠷᠠᠠᠳᠠ ᠶᠢᠨ ᠵᠢᠷᠤᠭ

ᠡᠭᠦᠳᠡᠨ ᠤ ᠬᠠᠷᠠᠭᠤᠯ ᠪᠣᠯᠵᠤ ᠰᠡᠭᠦᠢᠨᠡᠮ


ᠪᠣᠮᠪᠣᠭᠠᠷ ᠣᠷᠣᠢ᠌ᠳᠤ ᠠᠯᠪᠠᠨ ᠠᠰᠠᠷ

ᠰᠢᠵᠢᠷ ᠥᠩᠭᠡ ᠪᠠᠷ ᠭᠢᠯᠠᠯᠵᠠᠭᠠᠤᠨ

ᠪᠣᠰᠤᠭ᠎ᠠ ᠭᠡᠯᠡᠨ ᠤ ᠡᠭᠡᠰᠢᠭ᠌ ᠠᠪᠢᠶ᠎ᠠ

ᠪᠣᠮᠠᠨ ᠦᠶ᠎ᠡ ᠳᠠᠭᠤᠷᠢᠰᠤᠨ᠎ᠠ


ᠡᠷᠳᠡ ᠡᠳᠦᠭᠡ ᠶᠢ ᠳᠠᠨᠢᠭᠤᠯᠤᠭᠰᠠᠨ

ᠡᠷᠳᠡᠨᠢᠨ ᠰᠠᠢ᠌ᠬᠠᠨ ᠨᠤᠮ ᠤᠨ ᠳᠠᠰᠤᠭ ᠳᠠᠢ

ᠡᠷᠭᠢᠮ ᠴᠢᠳᠠᠪᠣᠷᠢ ᠶᠢ ᠰᠤᠷᠢᠭᠰᠠᠨ

ᠦᠢ᠌ ᠣᠯᠠᠨ ᠰᠤᠷᠤᠭᠴᠢ ᠨᠥᠭᠦᠤᠨ ᠳᠠᠢ


ᠬᠠᠨ ᠰᠤᠶᠤᠯ ᠶᠢᠡᠨ ᠳᠡᠭᠡᠳᠦᠯᠡᠭ᠍ᠰᠡᠨ

ᠬᠠᠢ᠌ᠷᠠᠳᠤ ᠣᠯᠠᠨ ᠪᠠᠭᠰᠢ ᠳᠠᠢ

ᠬᠠᠪᠣᠳᠤ ᠡᠪᠦᠭᠡ ᠪᠠᠨ ᠰᠢᠳᠦᠭ᠍ᠰᠡᠨ

ᠬᠠᠷᠠᠭ᠎ᠠ ᠳᠠᠯᠠᠮ᠎ᠠ ᠵᠠᠭᠢᠶ᠎ᠠ ᠳᠠᠢ


ᠣᠷᠳᠤ ᠶᠢᠨ ᠳᠠᠭᠤᠤ ᠬᠠᠩᠭᠢᠨᠠᠭᠰᠠᠨ

ᠣᠷᠠᠯᠢᠭ ᠤᠨ ᠠᠰᠠᠷ ᠳᠠᠭᠤᠯᠠᠯᠳᠠᠢ

ᠡᠷ᠎ᠡ ᠵᠤᠷᠢᠭ ᠢ ᠭᠦᠪᠴᠢᠯᠡᠭ᠍ᠰᠡᠨ

ᠣᠷ᠎ᠠ ᠶᠢᠨ ᠳᠠᠪᠠᠭ᠎ᠠ ᠮᠠᠭᠳᠠᠭᠠᠯᠳᠠᠢ


ᠰᠢᠨ᠎ᠡ ᠶᠢ ᠭᠦᠭᠡᠴᠡᠯᠳᠤᠨ ᠳᠡᠮᠤᠯᠡᠭᠡ

ᠣᠳᠤᠷᠢᠳᠤᠯᠭ᠎ᠠ ᠨᠥᠭᠦᠤᠨ ᠭᠦᠡᠳᠦᠳᠭᠡᠯᠳᠡᠢ

ᠰᠢᠠᠵᠢᠯᠠᠯ ᠰᠤᠳᠤᠯᠤᠯ ᠢ ᠵᠤᠷᠢᠭᠰᠠᠨ

ᠪᠠᠭᠰᠢ ᠶᠢᠨ ᠡᠩᠨᠡᠭᠡ ᠴᠢᠨᠠᠷᠵᠢᠭᠤᠨ


《ᠨᠢ᠋ᠮᠠᠨ ᠰᠢᠷᠭ᠎ᠠ》 ᠶ᠋ᠢᠨ ᠮᠦᠷᠥᠢᠴᠡᠭᠡᠨ ᠳ᠋ᠤ

ᠨᠢᠰᠤᠨ ᠳᠡᠭᠦᠯᠢᠭ᠍ᠰᠡᠨ ᠳᠡᠦᠭᠡ ᠳᠠᠢ

ᠨᠢ᠋ᠮᠠᠨ ᠮᠤᠵᠢ ᠣᠷᠤᠨ ᠳᠤ ᠪᠠᠨ

ᠨᠠᠷ᠎ᠠ ᠬᠠᠠᠳᠢᠪᠯᠠᠭᠰᠠᠨ ᠪᠠᠭᠰᠢ ᠳᠠᠢ


《ᠣᠨᠠᠭᠠᠨ ᠦᠣᠷᠰᠡᠭᠡ》 ᠰᠤᠷᠢᠭᠠᠨ ᠳᠤ ᠪᠠᠨ

ᠦᠣᠷᠰᠠᠨ ᠳᠤᠪᠳᠤᠯᠤᠭᠰᠠᠨ ᠥᠯᠢᠭᠡᠷ ᠳᠠᠢ

ᠣᠬᠠᠭᠠᠨ ᠮᠡᠳᠡᠯᠭᠡ ᠶᠢᠨ ᠳᠠᠯᠠᠢ ᠡᠴᠠ

ᠡᠷᠳᠡᠨᠢ ᠠᠴᠢᠶᠠᠯᠠᠭᠰᠠᠨ ᠳᠤᠮᠤᠭ ᠳᠠᠢ


ᠳᠦᠷᠤᠯᠭᠢ ᠭᠡᠯᠡᠨ ᠤ ᠰᠤᠷᠭᠠᠯ ᠵᠢᠠᠨ

ᠳᠦᠭᠡᠮᠡᠯᠵᠢᠭᠦᠯᠵᠤ ᠭᠦᠭ᠍ᠵᠢᠭᠦᠯᠭᠦ ᠵᠤᠷᠢᠯᠭ᠎ᠠ ᠳᠠᠢ

ᠲᠦᠮᠡᠨ ᠣᠯᠠᠨ ᠤ ᠭᠦᠰᠡᠯ ᠢ

ᠳᠡᠭᠦᠯᠳᠡᠷᠵᠢᠭᠦᠯᠵᠤ ᠳᠡᠢ᠌ᠯᠭᠦ ᠰᠠᠮᠪᠠᠭ᠎ᠠ ᠳᠠᠢ


ᠭᠦᠳᠡᠭᠡ ᠣᠯᠠᠨ ᠮᠤᠩᠭ᠋ᠤᠯᠴᠤᠳ ᠤᠨ ᠵᠢᠠᠨ

ᠭᠦᠰᠡᠯ ᠢ ᠳᠠᠮᠨᠠᠭᠰᠠᠨ ᠡᠷᠡᠯᠭᠡᠭ᠌ ᠪᠦᠷᠭᠦᠤᠨ

ᠪᠣᠭᠳᠠ ᠴᠢᠩᠭᠢᠰ ᠤᠨ ᠴᠢᠰᠤ ᠪᠠᠷ ᠯᠤᠭᠰᠢᠭᠰᠠᠨ

ᠪᠣᠰᠤᠭ᠎ᠠ ᠭᠡᠯᠡᠨ ᠤ ᠠᠯᠳᠠᠨ ᠰᠤᠳᠠᠰᠤ


ᠣᠨᠤᠨ ᠤ ᠳᠤᠤᠯᠢ ᠬᠠᠩᠭᠢᠨᠠᠭᠰᠠᠨ

ᠡᠭᠡ ᠭᠡᠯᠡᠨ ᠤ ᠠᠮᠢᠳᠤ ᠰᠢᠳᠦᠭᠡᠨ

ᠢᠵᠠᠭᠤᠷ ᠣᠷᠠᠯᠢᠭ ᠮᠥᠩᠭᠡᠷᠡᠭ᠍ᠰᠡᠨ

ᠢᠷᠠᠭᠤ ᠨᠠᠢ᠌ᠷᠠᠭ ᠤᠨ ᠰᠤᠳᠤᠨ ᠪᠠᠭᠤᠴᠠ


ᠡᠪ ᠤᠨ ᠳᠤᠯᠤᠭᠠᠨ ᠡᠭᠡᠰᠢᠭ᠌ ᠵᠢᠠᠷ

ᠢᠷᠡᠭᠡᠳᠦᠢ ᠶᠢᠨ ᠠᠮᠢᠳᠤᠷᠠᠯ ᠶᠢᠡᠨ ᠳᠠᠭᠤᠯᠠᠨ᠎ᠠ

ᠢᠳᠡᠷᠡᠭᠦᠨ ᠮᠤᠩᠭ᠋ᠤᠯ ᠠᠪᠢᠶ᠎ᠠ ᠪᠠᠷ

ᠢᠳᠡᠭᠡᠯ ᠤᠨ ᠭᠦᠪᠴᠢ ᠪᠠᠨ ᠴᠢᠩᠭ᠋ᠠᠯᠠᠨ᠎ᠠ


ᠲᠦᠰᠢᠶᠠᠳᠤ ᠨᠤᠳᠤᠭ ᠤᠨ ᠬᠡᠦᠬᠡᠳ ᠤᠨ

ᠳᠦᠷᠦᠭᠡ ᠴᠢᠩᠭ᠋ᠠᠯᠠᠭᠰᠠᠨ ᠦᠷᠳᠡᠭᠡ

ᠳᠦᠷᠤ ᠶᠢᠨ ᠳᠤᠯᠭᠠᠭᠤᠷᠢ ᠪᠠᠭᠠᠴᠤᠤᠯ ᠤᠨ

ᠳᠠᠪᠢᠯᠠᠩ ᠰᠤᠷᠢᠭᠰᠠᠨ ᠣᠷᠤᠨ


ᠬᠠᠨ ᠠᠭᠤᠯᠠᠨ ᠤ ᠡᠩᠭᠡᠷ ᠳᠤ

ᠰᠠᠴᠤᠷᠠᠵᠤ ᠮᠠᠠᠳᠤᠭᠰᠠᠨ ᠨᠠᠷᠠ

ᠬᠠᠳᠤᠨ ᠬᠤᠤᠯᠢᠨ ᠤ ᠮᠠᠯᠮᠠᠢ ᠳ᠋ᠤ

ᠰᠠᠴᠤᠯᠢ ᠡᠷᠭᠦᠭ᠍ᠰᠡᠨ ᠵᠢᠪᠬᠤᠭ᠎ᠠ


ᠪᠠᠳᠤᠴᠠᠭᠠᠨ ᠤ ᠬᠠᠳᠠᠭᠤᠵᠢᠯ ᠵᠢᠠᠷ

ᠪᠠᠳᠠᠷᠠᠨ ᠭᠦᠭ᠍ᠵᠢᠭᠡ ᠰᠤᠷᠭᠠᠭᠤᠯᠢ

ᠪᠦᠷᠳᠡ ᠴᠢᠨ᠋ᠸ᠎ᠠ ᠶᠢᠨ ᠳᠤᠮᠤᠭ ᠵᠢᠠᠷ

ᠪᠦᠮᠪᠦᠷᠴᠡᠭ᠌ ᠳᠡᠯᠡᠭ᠍ᠰᠡᠨ ᠠᠮᠢᠰᠬᠤᠭ᠎ᠠ


ᠭᠦᠳᠡᠭᠡ ᠳᠡᠷᠭᠡᠯ ᠰᠤᠶᠤᠯ ᠳᠤ ᠪᠠᠨ

ᠭᠦᠴᠤᠨ ᠵᠤᠷᠢᠭ ᠶᠢᠡᠨ ᠡᠷᠭᠦᠭ᠍ᠰᠡᠨ

ᠭᠦᠭᠡ ᠮᠤᠩᠭ᠋ᠤᠯ ᠤᠨ ᠦᠷᠠᠰ ᠲᠤ ᠪᠠᠨ

ᠢᠷᠡᠭᠡᠳᠦᠢ ᠶᠢᠨ ᠵᠠᠮ ᠢ ᠵᠢᠭᠠᠭᠰᠠᠨ


ᠪᠦᠯᠪᠦᠮᠳᠡᠯ ᠪᠠᠳᠤ ᠶᠢᠨ ᠳᠠᠭᠤᠤ ᠪᠠᠷ

ᠮᠥᠩᠭᠡ ᠶᠢᠨ ᠤᠶᠠᠩ‍ᠭ᠎ᠠ ᠪᠣᠯᠭᠠᠭᠰᠠᠨ

ᠪᠦᠭᠦᠭᠦ ᠦᠭᠡᠶ ᠭᠠᠯ ᠤᠨ ᠲᠦᠯᠤ ᠪᠠᠷ

ᠡᠷᠴᠢ ᠵᠤᠷᠢᠭ ᠶᠢᠡᠨ ᠳᠠᠪᠳᠠᠭᠰᠠᠨ


ᠭᠦᠡᠳᠤ ᠴᠢᠮᠪᠠᠢ ᠠᠪᠢᠶ᠎ᠠ ᠪᠠᠨ

ᠭᠡᠨ ᠡᠴᠠ ᠴᠤ ᠢᠯᠡᠭᠦᠤ ᠡᠷᠭᠢᠮᠯᠡᠳᠡᠭ᠌

ᠭᠦᠰᠡᠯ ᠢᠷᠠᠭᠤ ᠭᠡᠯᠡ ᠪᠠᠨ

ᠠᠮᠢ ᠡᠴᠠ ᠪᠠᠨ ᠢᠯᠡᠭᠦᠤ ᠰᠢᠳᠦᠳᠡᠭ᠌


ᠥᠭᠡᠷᠡᠴᠢᠯᠡᠯᠳᠡ ᠨᠡᠭᠡᠭᠡᠯᠳᠡ ᠶᠢᠨ ᠳᠤᠮᠤ ᠠᠯᠬᠤᠮ ᠵᠢᠠᠷ

ᠡᠭᠡ ᠭᠡᠯᠡ ᠪᠠᠷ ᠶᠢᠡᠨ ᠳᠡᠭᠦᠯᠢᠵᠤ ᠶᠠᠪᠣᠭ᠎ᠠ

ᠡᠷᠮᠡᠭᠦᠨ ᠭᠠᠩᠭ᠋ᠠᠩ ᠳᠦᠷᠭᠦ ᠪᠠᠷ

ᠡᠷᠴᠢ ᠳᠠᠮᠢᠷ ᠲᠡᠶ ᠣᠷᠤᠭᠰᠢᠯᠠᠵᠤ ᠪᠠᠢ᠌ᠭ᠎ᠠ


ᠲᠦᠰᠢᠶᠠᠳᠤ ᠨᠤᠳᠤᠭ ᠤᠨ ᠠᠮᠢᠳᠤ ᠰᠤᠶᠤᠯ

ᠳᠦᠷᠤᠯᠭᠢ ᠭᠡᠯᠡᠨ ᠤ ᠨᠤᠭᠤᠨ ᠡᠭᠡ

ᠶᠡᠭᠡ ᠰᠦᠮ᠎ᠡ ᠶᠢᠨ ᠠᠯᠤᠰ ᠢᠷᠡᠭᠡᠳᠦᠢ

ᠶᠡᠭᠡᠮᠰᠦᠭ᠌ ᠮᠤᠩᠭ᠋ᠤᠯ ᠤᠨ ᠠᠮᠢᠨ ᠰᠢᠳᠦᠭᠡᠨ


ᠬᠤᠠᠳᠠᠨ ᠥᠩᠭᠡᠳᠤ ᠵᠢᠷᠭᠤᠭᠠᠨ ᠠᠰᠠᠷ ᠡᠴᠠ

ᠭᠦᠮᠦᠵᠢᠯ ᠤᠨ ᠬᠤᠷ᠎ᠠ ᠱᠠᠭᠢᠨ ᠱᠠᠭᠢᠨ᠎ᠠ

ᠬᠤᠷᠭᠤᠯᠵᠢᠨ ᠭᠡᠪ ᠤᠨ ᠪᠣᠰᠤᠭ᠎ᠠ ᠥᠰᠦᠭ᠌ ᠡᠴᠠ

ᠭᠦᠮᠤᠨ ᠤ ᠦᠷ᠎ᠡ ᠡᠴᠠ ᠪᠢᠯᠢᠭ᠌ ᠵᠠᠵᠢᠯᠤᠨ᠎ᠠ


ᠮᠤᠩᠭ᠋ᠤᠯ ᠶᠢᠡᠨ ᠭᠡᠰᠡᠨ ᠡᠷᠳᠡᠨᠢᠨ ᠠᠪᠢᠶ᠎ᠠ ᠪᠠᠷ

ᠨᠠᠷ᠎ᠠ ᠪᠠᠨ ᠱᠤᠭᠤᠭᠰᠠᠨ ᠴᠠᠴᠠᠨ ᠰᠤᠷᠭᠠᠭᠤᠯᠢ

ᠳᠤᠭᠤᠷᠭ᠎ᠠ ᠪᠠᠨ ᠭᠡᠰᠡᠨ ᠳᠤᠷᠭᠠᠨ ᠬᠠᠨ᠎ᠠ ᠪᠠᠷ

ᠳᠡᠦᠭᠡ ᠪᠠᠨ ᠥᠩᠭᠡᠯᠡᠭ᠍ᠰᠡᠨ ᠠᠮᠢᠨ ᠰᠤᠷᠭᠠᠭᠤᠯᠢ


ᠡᠭᠡ ᠭᠡᠯᠡ ᠪᠠᠨ ᠡᠯᠢᠭᠡᠨ ᠳᠤ ᠪᠠᠨ ᠰᠢᠳᠦᠭ᠍ᠰᠡᠨ

ᠦᠷᠤᠨ᠎ᠡ ᠠᠪᠢᠶ᠎ᠠ ᠶᠢ ᠳᠤᠳᠤ ᠵᠢᠭᠠᠳᠠᠭ

ᠦᠨᠡᠨ ᠤ ᠳᠤᠤᠯᠢ ᠭᠦᠦᠷᠨᠢᠨ ᠳᠤᠪᠭᠢᠳᠠᠭ

ᠥᠭᠡᠯᠤᠨ ᠤ ᠵᠠᠭᠢᠶ᠎ᠠ ᠢᠳᠠᠮᠯᠠᠨ ᠰᠠᠴᠤᠯᠠᠳᠠᠭ


ᠨᠠᠢ᠌ᠷᠠᠭ ᠤᠨ ᠣᠶᠠᠬᠠᠨ ᠰᠢᠪᠠᠭᠡᠨᠡᠭᠡ ᠳᠠᠢ

ᠨᠠᠷᠠᠰᠤᠨ ᠰᠠᠢ᠌ᠬᠠᠨ ᠮᠤᠳᠤ ᠨᠢ

ᠨᠠᠷᠠᠨ ᠤ ᠳᠤᠶᠠᠭ᠎ᠠ ᠦᠨᠦᠰᠤᠨ

ᠨᠠᠪᠴᠢ ᠨᠢ ᠵᠢᠷᠭᠢᠵᠤ ᠪᠣᠰᠳᠠᠭ


ᠬᠠᠷᠢ 《ᠳ᠋ᠦ᠋ ᠯᠠᠩ ᠺᠧᠤ》 ᠡᠴᠠ

ᠬᠠᠪᠣᠯᠢᠭ ᠮᠡᠷᠭᠡᠵᠢᠯ ᠰᠣᠢ᠌ᠭᠰᠠᠨ

ᠬᠠᠭᠤᠴᠢᠨ ᠠᠷᠭ᠎ᠠ ᠪᠠᠷᠢᠯ ᠶᠢᠡᠨ ᠴᠢᠯᠦᠭᠡᠯᠡᠭᠦ ᠪᠠᠷ

ᠬᠠᠳᠠᠭᠤ ᠵᠤᠷᠢᠭ ᠴᠤᠤᠵᠢᠯᠠᠭᠰᠠᠨ


ᠡᠭᠡ ᠭᠡᠯᠡ ᠪᠠᠷ ᠣᠶᠠᠩᠭ᠋ᠠᠷᠠᠵᠤ ᠪᠠᠢ᠌ᠭ᠎ᠠ

ᠡᠪ ᠤᠨ ᠳᠠᠭᠤᠤ ᠲᠡᠶ ᠰᠤᠷᠭᠠᠭᠤᠯᠢ ᠮᠢᠨᠤ

ᠣᠷᠠᠨ ᠮᠡᠷᠭᠡᠵᠢᠯᠳᠡᠨ ᠴᠤᠯᠭᠤᠷᠠᠵᠤ ᠪᠠᠢ᠌ᠭ᠎ᠠ

ᠣᠢ᠌ᠯᠠᠰ ᠤᠨ ᠴᠠᠳᠢᠭ ᠲᠡᠶ ᠭᠦᠷᠢᠶᠡᠯᠡᠩ ᠮᠢᠨᠤ


ᠲᠦᠰᠢᠶᠠᠳᠤ ᠮᠤᠩᠭ᠋ᠤᠯ ᠤᠨ ᠶᠢᠡᠨ ᠠᠮᠢᠨ ᠰᠢᠳᠦᠭᠡᠨ

ᠳᠦᠷᠦᠯᠭᠢ  ᠭᠡᠯᠡᠨ ᠤ ᠪᠠᠨ ᠰᠤᠳᠤᠨ ᠳᠠᠭᠤᠯᠠᠯ

ᠪᠣᠰᠤᠭ᠎ᠠ ᠥᠰᠦᠭ᠌ ᠤᠨ ᠶᠢᠡᠨ ᠡᠭᠡ ᠭᠡᠪᠠᠯᠢ ᠪᠠᠢ᠌ᠨᠠᠮ ᠲ᠋ᠠ ︕

ᠪᠠᠶᠠᠠᠬᠤᠰᠢᠭᠤ ᠶᠢᠨ ᠶᠢᠡᠨ ᠣᠮᠤᠭ ᠰᠦᠯᠳᠡ ᠪᠠᠢ᠌ᠨᠠᠮ ᠳᠠ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 10 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ