☆ ᠡᠷᠳᠡᠨᠢᠪᠠᠭᠠᠨ᠎ᠠ
ᠭᠦᠳᠡᠭᠡ ᠭᠦᠮᠤᠨ ᠤ ᠭᠦᠭᠡ ᠳᠠᠪᠠᠯ
ᠡᠩᠭᠡᠷ ᠬᠤᠷᠮᠤᠢ ᠳᠤ ᠨᠢ ᠰᠠᠯᠭᠢᠨ ᠬᠤᠷᠭᠤᠳᠠᠨ ᠭᠦᠯᠭᠦᠯᠵᠡᠭ᠍ᠰᠡᠨ
ᠡᠭᠡᠰᠢᠭ᠌ ᠭᠡᠢ᠌ᠭᠦᠯᠦᠭ᠍ᠴᠢ ᠶᠢᠨ ᠠᠪᠢᠶ᠎ᠠ ᠰᠢᠩᠭᠡᠨ ᠳᠡᠷᠪᠠᠯᠵᠡᠭ᠍ᠰᠡᠨ
ᠭᠦᠳᠡᠭᠡ ᠭᠦᠮᠤᠨ ᠤ ᠭᠦᠭᠡ ᠳᠠᠪᠠᠯ ᠭᠡᠵᠤ
ᠭᠦᠮᠤᠨ ᠤ ᠨᠢᠳᠤᠨ ᠳᠤ ᠭᠦᠭᠡ ᠳᠡᠭ᠍ᠷᠢ ᠲᠡᠶ ᠬᠠᠷᠠᠭᠳᠠᠨ᠎ᠠ
ᠰᠤᠭᠤ ᠳᠠᠰᠢᠭᠤᠪᠴᠢ ᠳᠤ ᠨᠢ ᠨᠠᠪᠴᠢ ᠴᠡᠴᠡᠭ᠌ ᠨᠠᠭᠠᠠᠯᠳᠤᠨ ᠬᠤᠷᠭᠤᠳᠠᠭᠰᠠᠨ
ᠰᠤᠷᠳᠠᠯ ᠵᠠᠭᠠᠮ᠎ᠠ ᠳᠤ ᠨᠢ ᠢᠷᠦᠭᠡᠯ ᠰᠤᠷᠭᠠᠯ ᠵᠠᠭᠢᠵᠤ ᠦᠯᠡᠳᠡᠭ᠍ᠰᠡᠨ
ᠭᠦᠳᠡᠭᠡ ᠭᠦᠮᠤᠨ ᠤ ᠭᠦᠭᠡ ᠳᠠᠪᠠᠯ ᠭᠡᠵᠤ
ᠭᠦᠮᠤᠨ ᠤ ᠰᠡᠳᠭᠢᠯ ᠳᠤ ᠬᠠᠯᠠᠭᠤᠨ ᠰᠢᠷᠤᠢ ᠲᠡᠶ ᠪᠠᠷᠠᠯᠠᠭᠳᠠᠨᠠ
ᠳᠠᠯᠤ ᠮᠦᠷᠤ ᠳᠤ ᠨᠢ ᠬᠠᠳᠠ ᠴᠢᠯᠠᠭᠤ ᠢᠵᠢᠯᠢᠰᠢᠵᠤ ᠥᠮᠦᠭᠯᠡᠭ᠍ᠰᠡᠨ
ᠳᠤᠪᠴᠢ ᠰᠢᠯᠪᠢᠭᠦᠷ ᠲᠤ ᠨᠢ ᠨᠠᠷᠠᠨ ᠰᠠᠷᠠᠨ ᠠᠭᠤᠰᠴᠤ ᠬᠠᠢ᠌ᠷᠠᠯᠠᠭᠰᠠᠨ
ᠭᠦᠳᠡᠭᠡ ᠭᠦᠮᠤᠨ ᠤ ᠭᠦᠭᠡ ᠳᠠᠪᠠᠯ ᠭᠡᠵᠤ
ᠭᠦᠮᠤᠨ ᠤ ᠵᠡᠭᠦᠳᠤᠨ ᠳᠤ ᠭᠡᠷᠡᠯ ᠨᠢ ᠪᠢᠯᠬᠠᠵᠤ ᠠᠵᠢᠶᠠᠷᠠᠭᠳᠠᠨᠠ
ᠡᠮᠵᠢᠶᠡᠷᠢ ᠠᠷᠤ ᠳᠤ ᠨᠢ ᠴᠠᠰᠤᠨ ᠴᠡᠴᠡᠭ᠌ ᠪᠣᠷᠠᠵᠤ ᠬᠤᠷᠠᠨ ᠪᠣᠳᠠᠷᠠᠭᠰᠠᠨ
ᠡᠷᠭᠦᠨ᠎ᠡ ᠶᠢᠨ ᠣᠰᠤᠨ ᠭᠦᠯᠦᠰᠤ ᠳᠤ ᠨᠢ ᠠᠮᠢᠯᠠᠵᠤ ᠣᠭᠠᠨ ᠣᠷᠤᠰᠤᠭᠰᠠᠨ
ᠭᠦᠳᠡᠭᠡ ᠭᠦᠮᠤᠨ ᠤ ᠭᠦᠭᠡ ᠳᠠᠪᠠᠯ ᠭᠡᠵᠤ
ᠭᠦᠮᠤᠨ ᠤ ᠰᠤᠨᠤᠷ ᠲᠤ ᠭᠦᠭ᠍ᠵᠢᠮ ᠨᠢ ᠨᠤᠭᠤᠭᠠᠷᠠᠵᠤ ᠬᠠᠩᠬᠤᠯᠤᠨ᠎ᠠ
ᠬᠠᠠᠴᠤᠢ ᠴᠡᠭᠡᠵᠢᠨ ᠳᠤ ᠨᠢ ᠭᠦᠢᠳᠡᠨ ᠰᠠᠯᠭᠢᠨ ᠵᠥᠭᠡᠯᠡᠷᠡᠨ ᠬᠠᠯᠢᠷᠠᠭᠰᠠᠨ
ᠬᠠᠨ ᠳᠡᠭ᠍ᠷᠢ ᠬᠠᠷᠠᠬᠤ ᠳᠤ ᠰᠠᠭᠠᠯᠢ ᠶᠢᠨ ᠦᠨᠦᠷ ᠪᠠᠷᠳᠠᠮ ᠠᠩᠭᠢᠯᠤᠭᠰᠠᠨ
ᠭᠦᠳᠡᠭᠡ ᠭᠦᠮᠤᠨ ᠤ ᠭᠦᠭᠡ ᠳᠠᠪᠠᠯ ᠭᠡᠵᠤ
ᠭᠦᠮᠤᠨ ᠤ ᠮᠦᠷ ᠢ ᠴᠡᠴᠡᠭ᠌ ᠶᠢᠡᠷ ᠦᠨᠦᠰᠴᠤ ᠮᠢᠷᠠᠯᠵᠠᠨ᠎ᠠ ᠁
ᠳᠡᠭ᠍ᠷᠢ ᠳᠡᠭᠡᠷ᠎ᠡ ᠡᠴᠠ ᠣᠷᠭᠤᠭᠰᠠᠨ ᠨᠠᠠᠳᠢᠨ ᠭᠦᠭᠡ ᠨᠠᠪᠴᠢ
ᠭᠠᠵᠠᠷ ᠳᠡᠭᠡᠷ᠎ᠡ ᠡᠴᠠ ᠠᠮᠢᠯᠠᠭᠰᠠᠨ ᠭᠠᠯ ᠲᠡᠶ ᠭᠦᠭᠡ ᠠᠮᠢᠰᠬᠤᠯ
ᠠᠳᠤᠭᠤᠨ ᠳᠡᠭᠡᠷ᠎ᠡ ᠡᠴᠠ ᠪᠦᠳᠦᠭ᠍ᠰᠡᠨ ᠠᠷᠢᠭᠤᠨ ᠭᠦᠭᠡ ᠰᠠᠯᠭᠢᠨ
ᠭᠦᠰᠡᠯ ᠳᠡᠭᠡᠷ᠎ᠡ ᠡᠴᠠ ᠡᠰᠨᠢᠭ᠍ᠰᠡᠨ ᠡᠭᠡᠯ ᠪᠣᠷᠭᠢᠯ ᠡᠳᠦᠷ ᠬᠤᠨᠤᠭ
ᠭᠦᠳᠡᠭᠡ ᠭᠦᠮᠤᠨ ᠤ ᠭᠦᠭᠡ ᠳᠠᠪᠠᠯ ᠮᠢᠨᠢ
ᠭᠦᠰᠡᠯ ᠵᠢᠷᠭᠠᠯ ᠤᠨ ᠡᠶ᠎ᠡ ᠨᠠᠢ᠌ᠷ ᠮᠢᠨᠢ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11462
ᠴᠠᠭ᠄ 2013 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ