ᠨᠡᠪᠲᠡᠷᠡᠨ ᠤᠷᠤᠬᠤ
ᠭᠦᠷᠡᠯ ᠴᠢᠨ᠋ᠸ᠎ᠠ

ᠭᠦᠷᠡᠯ ᠴᠢᠨ᠋ᠸ᠎ᠠ ᠣᠯᠢᠨ᠎ᠠ

ᠳᠡᠭ᠍ᠷᠢ ᠭᠠᠵᠠᠷ ᠳᠡᠮᠳᠡᠷᠢᠭᠦᠯᠭᠦ

ᠳᠠᠷᠠ ᠾᠦᠩᠨᠦ ᠨᠤᠳᠤᠭ ᠲᠤ

ᠭᠦᠷᠡᠯ ᠴᠢᠨ᠋ᠸ᠎ᠠ ᠣᠯᠢᠨ᠎ᠠ

ᠵᠢᠪᠬᠤᠭ᠎ᠠ ᠲ᠋ᠠᠢ ᠪᠣᠯᠤᠨ ᠣᠯᠢᠷᠠᠯ ᠲᠡᠶ

ᠡᠨᠡ ᠣᠯᠢᠨ ᠳᠤ

ᠵᠢᠷᠭᠠᠬᠤ ᠴᠤ ᠭᠡᠴᠡᠭᠦᠤ᠂

ᠭᠤᠨᠢᠬᠤ ᠴᠤ ᠭᠡᠴᠡᠭᠦᠤ

ᠡᠷᠡᠮᠡᠭ᠌ ᠪᠣᠯᠤᠨ ᠵᠤᠷᠢᠮᠠᠭ ᠤᠨ

ᠡᠨᠡ ᠣᠯᠢᠨ ᠳᠤ

ᠡᠨᠡᠷᠢᠯᠡᠭᠦ ᠴᠤ ᠭᠡᠴᠡᠭᠦᠤ

ᠡᠷᠭᠡᠯᠵᠡᠭᠦ ᠴᠤ ᠭᠡᠴᠡᠭᠦᠤ


ᠮᠤᠷᠢᠨ ᠴᠢᠨᠡᠭᠡᠨ ᠭᠦᠷᠡᠯ ᠴᠢᠨ᠋ᠸ᠎ᠠ

ᠮᠤᠩᠭ᠋ᠤᠯ ᠶᠢᠡᠷ ᠳᠦᠭᠦᠷᠡᠩ ᠣᠯᠢᠨ᠎ᠠ

ᠬᠠᠨ ᠭᠡ᠊ᠨᠳᠡᠢ ᠳᠠᠢ᠌ᠪᠠᠵᠤ ᠰᠤᠨᠤᠰᠤᠨ᠎ᠠ

ᠬᠠᠳᠤᠨ ᠭᠡᠷᠦᠯᠤᠨ ᠴᠠᠯᠭᠢᠵᠤ ᠰᠤᠨᠤᠰᠤᠨ᠎ᠠ

ᠵᠠᠬ᠎ᠠ ᠦᠭᠡᠶ ᠮᠡᠨᠡᠭ᠌ ᠠᠯᠳᠠᠯᠠᠵᠤ ᠰᠤᠨᠤᠰᠤᠨ᠎ᠠ

ᠴᠠᠰᠤᠳᠤ ᠣᠴᠢᠷᠪᠠᠨᠢ ᠳᠤᠭᠰᠢᠷᠠᠵᠤ ᠰᠤᠨᠤᠰᠤᠨ᠎ᠠ


ᠭᠦᠷᠡᠯ ᠴᠢᠨ᠋ᠸ᠎ᠠ ᠣᠯᠢᠨ᠎ᠠ

ᠭᠦᠭᠡ ᠰᠤᠪᠢᠩ ᠲᠡᠶ ᠠᠳᠤᠭᠤ ᠭᠦᠮᠤᠨ ᠬᠤᠶᠠᠷ ᠡᠴᠡ ᠥᠭᠡᠷ᠎ᠡ

ᠭᠦᠷᠦᠰᠦᠳᠤ ᠳᠤ ᠭᠡᠨ ᠴᠤ ᠰᠤᠨᠤᠰᠬᠤ ᠦᠭᠡᠶ

ᠰᠤᠨᠤᠰᠳᠠᠬᠤ ᠦᠭᠡᠶ


ᠭᠦᠷᠡᠯ ᠴᠢᠨ᠋ᠸ᠎ᠠ ᠡᠤᠯᠢᠨ᠎ᠡ

ᠶᠡᠭᠡ ᠳᠠᠢ᠌ᠠᠴᠢ ᠬᠠᠷ᠎ᠠ ᠢᠯᠳᠤ ᠰᠢᠭ᠌

ᠴᠢᠨ᠋ᠸ᠎ᠠ ᠶᠢᠨ ᠣᠯᠢᠨ ᠳᠤ

ᠡᠨᠡ ᠳᠡᠯᠡᠭᠡᠢ ᠳᠠᠭᠵᠢᠨ  ᠴᠠᠴᠠᠷᠠᠵᠤ

ᠪᠦᠰᠡ ᠪᠠᠨ ᠴᠢᠩᠭ᠋ᠠᠯᠠᠵᠤ ᠪᠠᠢ᠌ᠭᠰᠠᠨ ᠰᠠᠨᠠᠭᠳᠠᠨ᠎ᠠ

ᠪᠦᠦᠷ ᠳᠦᠤᠷ ᠳᠠᠢ᠌ᠮᠤ ᠰᠤᠪᠢᠩ ᠬᠠᠶᠠ ᠳᠠᠳᠠᠨ᠎ᠠ


ᠭᠦᠷᠡᠯ ᠴᠢᠨ᠋ᠸ᠎ᠠ ᠣᠯᠢᠨ᠎ᠠ

ᠮᠤᠯᠴᠤᠭᠨᠠᠭᠰᠠᠨ ᠳᠠᠭᠢ ᠶᠢ ᠡᠪᠠᠢ᠌ᠯᠵᠤ ᠣᠯᠢᠨ᠎ᠠ

ᠮᠤᠳᠤᠤ ᠴᠠᠨ ᠢᠤᠢ ᠶᠢ ᠮᠤᠷᠳᠠᠭᠤᠯᠵᠤ ᠣᠯᠢᠨ᠎ᠠ

ᠢᠰᠡᠭᠡᠢ ᠭᠦᠷᠤᠨ ᠢ ᠬᠤᠷᠣᠢ᠌ᠯᠠᠵᠤ ᠣᠯᠢᠨ᠎ᠠ

ᠰᠢᠨ᠎ᠠ ᠶᠢᠨ ᠬᠤᠶᠠᠷ ᠤᠨ ᠰᠡᠷᠡᠨ ᠲ᠋ᠡᠭᠡᠷ᠎ᠡ ᠡᠤᠯᠢᠨ᠎ᠡ

ᠰᠢᠭᠢᠬᠤᠳᠤᠭ ᠤᠨ ᠪᠠᠭᠤᠷᠢᠨ ᠳᠡᠭᠡᠷ᠎ᠡ ᠡᠤᠴᠢᠵᠤ ᠣᠯᠢᠨ᠎ᠠ


ᠭᠦᠷᠡᠯ ᠴᠢᠨ᠋ᠸ᠎ᠠ ᠣᠯᠢᠨ᠎ᠠ

ᠦᠷ᠎ᠡ ᠨᠢ ᠡᠵᠢ ᠪᠠᠨ ᠮᠠᠷᠳᠠᠬᠤ ᠳᠤ ᠣᠯᠢᠨ᠎ᠠ

ᠦᠰᠦ ᠵᠠᠯᠠᠭᠤ ᠪᠠᠷ ᠶᠢᠡᠨ ᠪᠣᠭᠤᠷᠤᠯᠳᠠᠬᠤ ᠳᠤ ᠣᠯᠢᠨ᠎ᠠ

ᠠᠷᠠᠭ ᠳᠤ ᠭᠦᠤ ᠪᠠᠨ ᠰᠠᠭᠤᠯᠭᠠᠭᠰᠠᠨ

ᠠᠴᠢᠶ᠎ᠠ ᠭᠦᠰᠭᠡ ᠶᠢ ᠪᠠᠷᠠᠯᠠᠭᠤᠯᠠᠨ ᠣᠯᠢᠨ᠎ᠠ

ᠠᠮᠤᠷ ᠠᠮᠤᠭᠤᠯᠠᠩ ᠤᠨ ᠬᠣᠢ᠌ᠮᠤᠷ ᠡᠴᠡ

ᠵᠥᠭᠡᠭ᠍ᠳᠡᠵᠤ ᠣᠯᠢᠨ᠎ᠠ


ᠭᠦᠷᠡᠯ ᠴᠢᠨ᠋ᠸ᠎ᠡ ᠣᠯᠢᠨ᠎ᠠ

ᠴᠡᠭᠡᠵᠢᠨ ᠳᠤᠳᠤᠷ᠎ᠠ ᠣᠯᠢᠨ᠎ᠠ

ᠰᠠᠤᠠᠭᠢᠯ ᠳᠤᠳᠤᠷ᠎ᠠ ᠣᠯᠢᠨ᠎ᠠ

ᠨᠢᠳᠤᠨ ᠳᠤ ᠭᠠᠯ ᠪᠣᠳᠠᠷᠠᠳᠠᠯ᠎ᠠ

ᠨᠢᠭᠤᠷ ᠲᠤ ᠶᠠᠭᠠᠨ ᠲᠦᠯᠦ ᠪᠠᠳᠠᠷᠠᠳᠠᠯ᠎ᠠ

ᠴᠢᠨ᠋ᠸ᠎ᠠ ᠣᠯᠢᠨ᠎ᠠ

ᠰᠡᠭᠦᠯᠴᠢ ᠪᠣᠯᠤᠨ ᠡᠭᠢ ᠶᠢᠨ ᠡᠨᠡ ᠳᠡᠯᠡᠭᠡᠢ ᠳᠤ

ᠰᠦᠵᠢ ᠡᠩᠭᠦᠷᠡᠢ ᠣᠯᠢᠨ᠎ᠠ

ᠰᠦᠨ ᠳᠤ ᠴᠢᠰᠤ ᠳᠤᠰᠤᠬᠤ ᠳᠤ ᠣᠯᠢᠨ᠎ᠠ

ᠴᠢᠰᠤᠨ ᠳᠤ ᠰᠥ᠋ ᠳᠤᠰᠤᠬᠤ ᠳᠤ ᠣᠯᠢᠨ᠎ᠠ

ᠭᠦᠷᠡᠯ ᠴᠢᠨ᠋ᠸ᠎ᠠ ᠣᠯᠢᠨ᠎ᠠ

ᠶᠡᠭᠡ ᠬᠠᠢ᠌ᠷ᠎ᠠ ᠴᠠᠩᠳᠤᠬᠤ ᠳᠤ ᠣᠯᠢᠨ᠎ᠠ

ᠡ᠊ᠨᠳᠡᠭ᠍ᠰᠡᠨ ᠴᠠᠳᠢᠭ ᠶᠢᠠᠨ ᠮᠠᠷᠳᠠᠬᠤ ᠳᠤ ᠣᠯᠢᠨ᠎ᠠ


ᠭᠦᠷᠡᠯ ᠴᠢᠨ᠋ᠸ᠎ᠠ ᠣᠯᠢᠨ᠎ᠠ

ᠬᠠᠨ ᠣᠷᠴᠢᠯᠠᠩ ᠢ ᠴᠤᠭᠤᠷᠤᠳᠠᠯ᠎ᠠ ᠣᠯᠢᠪᠠ

ᠭᠡᠵᠤ ᠡᠮᠢᠶᠡᠭᠦ ᠳᠤ ᠬᠠᠷᠢᠨ ᠦᠭᠡᠶ

ᠬᠠᠭᠠᠷᠠᠬᠠᠢ ᠶᠢ ᠭᠦᠪᠦᠷᠢᠦᠡᠴᠤ ᠣᠯᠢᠨ᠎ᠠ

ᠬᠠᠭᠠᠴᠠᠯ ᠳᠠᠢ ᠣᠷᠴᠢᠯᠠᠩ ᠢ ᠬᠤᠪᠢᠶᠠᠵᠤ ᠣᠯᠢᠪᠠ

ᠭᠡᠵᠤ ᠡᠮᠢᠶᠡᠭᠦ ᠳᠤ ᠬᠠᠷᠢᠨ ᠦᠭᠡᠶ

ᠰᠡᠮᠡᠷᠭᠡᠢ ᠶᠢ ᠭᠦᠪᠦᠷᠢᠦᠡᠴᠤ ᠣᠯᠢᠨ᠎ᠠ


ᠭᠦᠷᠡᠯ ᠴᠢᠨ᠋ᠸ᠎ᠠ ᠣᠯᠢᠨ᠎ᠠ

ᠬᠠᠭᠠᠨ ᠭᠦᠷᠤᠨ ᠤ ᠳᠡᠭ᠍ᠷᠢ ᠶᠢ

ᠬᠠᠷᠠᠮᠯᠠᠵᠤ ᠣᠯᠢᠨ᠎ᠠ᠂ ᠠᠷᠭᠢᠷᠠᠵᠤ ᠣᠯᠢᠨ᠎ᠠ

ᠬᠠᠯᠳᠠᠷ ᠡᠪᠠᠰᠤ ᠲᠡᠶ ᠳᠠᠯ᠎ᠠ ᠪᠠᠨ

ᠡᠪᠭᠡᠵᠤ ᠣᠯᠢᠨ᠎ᠠ᠂ ᠳᠡᠯᠭᠡᠵᠤ ᠣᠯᠢᠨ᠎ᠠ

ᠨᠠᠳᠠ ᠲᠡᠶ ᠬᠠᠮᠳᠤ ᠲᠦᠷᠦᠵᠤ ᠣᠯᠢᠭᠰᠠᠨ

ᠭᠦᠷᠡᠯ ᠴᠢᠨ᠋ᠸ᠎ᠠ

ᠨᠠᠷᠠ ᠲᠡᠶ ᠬᠠᠮᠳᠤ ᠦᠯᠠᠳᠠᠵᠤ ᠣᠯᠢᠨ᠎ᠠ

ᠭᠦᠷᠡᠯ ᠴᠢᠨ᠋ᠸ᠎ᠠ

ᠨᠤᠮᠤ ᠰᠢᠭ ᠣᠯᠢᠨ᠎ᠠ᠂ ᠰᠤᠮᠤ ᠰᠢᠭ ᠣᠯᠢᠨ᠎ᠠ


ᠮᠤᠷᠢᠨ ᠴᠢᠨᠡᠭᠡᠨ ᠭᠦᠷᠡᠯ ᠴᠢᠨ᠋ᠸ᠎ᠠ

ᠮᠤᠩᠭ᠋ᠤᠯ ᠶᠢᠡᠷ ᠳᠦᠭᠦᠷᠡᠩ ᠣᠯᠢᠨ᠎ᠠ

ᠭᠤᠷᠪᠠᠨ ᠵᠠᠭᠤᠨ ᠶᠠᠰᠤᠨ ᠤ ᠮᠢᠨᠢ

ᠠᠯᠳᠠᠨ ᠵᠠᠭᠠᠳᠠᠯ ᠪᠦᠭᠦᠨ ᠰᠠᠯᠵᠤ ᠰᠤᠨᠤᠰᠤᠨ᠎ᠠ

ᠨᠠᠢ᠌ᠯᠠᠵᠤ ᠰᠤᠨᠤᠰᠤᠨ᠎ᠠ

ᠭᠤᠷᠪᠠᠨ ᠦᠶ᠎ᠡ ᠶᠢᠨ ᠳᠡᠭᠡᠳᠦᠰ ᠮᠢᠨᠢ ᠰᠠᠷᠢᠵᠤ ᠰᠤᠨᠤᠰᠤᠨ᠎ᠠ᠂

ᠪᠣᠰᠴᠤ ᠰᠤᠨᠤᠰᠤᠨ᠎ᠠ


ᠭᠦᠷᠡᠯ ᠴᠢᠨ᠋ᠸ᠎ᠠ ᠣᠯᠢᠨ᠎ᠠ᠂

ᠾᠦᠩᠨᠦ ᠴᠢᠨ᠋ᠸ᠎ᠠ ᠣᠯᠢᠨ᠎ᠠ᠂

ᠭᠦᠷᠦᠰᠦᠳᠤ ᠡᠨᠡ ᠣᠷᠴᠢᠯᠠᠩ ᠳᠤ

ᠭᠦᠭᠡ ᠳᠡᠭ᠍ᠷᠢ ᠣᠯᠢᠨ᠎ᠠ

ᠭᠦᠷᠡᠯ ᠴᠢᠨ᠋ᠸ᠎ᠠ ᠣᠯᠢᠨ᠎ᠠ᠂ ᠳᠡᠭ᠍ᠷᠢ ᠣᠯᠢᠨ᠎ᠠ

ᠴᠢᠨ᠋ᠸ᠎ᠠ ᠣᠯᠢᠨ᠎ᠠ᠂ ᠳᠡᠭ᠍ᠷᠢ ᠣᠯᠢᠨ᠎ᠠ᠁

ᠵᠤᠬᠢᠶᠠᠭᠴᠢ᠄ ᠴ·ᠪᠠᠪᠣᠳᠤᠷᠵᠢ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3955
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ