ᠨᠡᠪᠲᠡᠷᠡᠨ ᠤᠷᠤᠬᠤ
ᠬᠠᠢ᠌ᠷ᠎ᠠ ᠪᠣᠯ ᠪᠣᠷᠤᠭᠠᠨ

ᠬᠠᠢ᠌ᠷ᠎ᠠ ᠪᠣᠯ ᠪᠣᠷᠤᠭᠠᠨ

ᠬᠠᠯᠠᠭᠤᠨ ᠭᠦᠢᠳᠡᠨ ᠶᠢᠡᠨ ᠰᠢᠭᠤᠷᠴᠤ ᠴᠢᠳᠠᠬᠤ

ᠰᠡᠳᠭᠢᠯ ᠤᠨ ᠵᠠᠬ᠎ᠠ ᠦᠭᠡᠶ ᠪᠣᠷᠤᠭᠠᠨ

ᠬᠠᠭᠠᠴᠠᠯ ᠪᠣᠳᠠᠷᠠᠯ ᠶᠢᠡᠷ ᠭᠦᠭᠯᠡᠵᠤ ᠮᠡᠳᠡᠭᠦ

ᠰᠠᠯᠭᠢ ᠵᠠᠳᠠᠭᠠᠢ ᠪᠣᠷᠤᠭᠠᠨ

ᠬᠠᠷᠠᠮᠰᠠᠯ ᠬᠠᠷᠭᠤᠰᠠᠯ ᠳᠤ ᠢᠳᠡᠭᠡᠯ ᠬᠤᠭᠤᠷᠠᠳᠠᠭ

ᠬᠤᠪᠢᠠᠴᠢᠷ ᠬᠠᠢ᠌ᠷ᠎ᠠ ᠶᠢᠨ ᠪᠣᠷᠤᠭᠠᠨ

ᠬᠠᠳᠠᠭᠤ ᠵᠥᠭᠡᠯᠡᠨ ᠶᠢᠡᠷ ᠰᠤᠯᠤᠩᠭ᠋ᠠᠷᠠᠵᠤ ᠪᠠᠭᠤᠳᠠᠭ

ᠪᠦᠪᠠᠢ ᠶᠢᠨ ᠡᠭᠡᠰᠢᠭ᠍ᠳᠤ ᠪᠣᠷᠤᠭᠠᠨ


ᠬᠠᠢ᠌ᠷ᠎ᠠ ᠪᠣᠯ ᠪᠣᠷᠤᠭᠠᠨ  

ᠠᠷᠢᠭᠤᠨ ᠬᠠᠢ᠌ᠷ᠎ᠠ ᠶᠢᠨ ᠭᠠᠯ ᠳᠤ ᠰᠢᠳᠠᠬᠤ

ᠳᠤᠷᠠᠯᠠᠯ ᠤᠨ ᠴᠡᠩᠭᠡᠷ ᠪᠣᠷᠤᠭᠠᠨ

ᠠᠯᠳᠠᠭᠰᠠᠨ ᠬᠠᠢ᠌ᠷ᠎ᠠ ᠶᠢᠨ ᠬᠣᠢ᠌ᠨ᠎ᠠ ᠡᠴᠡ ᠵᠤᠪᠠᠨᠢᠵᠤ

ᠳᠠᠭᠤᠨ ᠦᠭᠡᠶ ᠰᠢᠪᠠᠷᠭᠦ ᠪᠣᠷᠤᠭᠠᠨ

ᠰᠢᠮᠡᠭᠡᠳ ᠬᠠᠨᠤᠬᠤ ᠦᠭᠡᠶ ᠵᠢᠷᠭᠠᠯ ᠳᠤ ᠰᠤᠭᠳᠤᠵᠤ

ᠨᠠᠷᠠ ᠲᠡᠶ ᠱᠠᠭᠢᠳᠠᠭ ᠪᠣᠷᠤᠭᠠᠨ

ᠰᠢᠮᠰᠢᠷᠡᠭᠡᠳ ᠳᠤᠠᠳᠠᠷᠠᠬᠤ ᠦᠭᠡᠶ ᠵᠤᠪᠠᠯᠠᠩ ᠳᠤ ᠴᠠᠳᠴᠤ

ᠨᠠᠰᠤ ᠪᠠᠷ ᠣᠭᠢᠯᠠᠳᠠᠭ ᠪᠣᠷᠤᠭᠠᠨ


ᠬᠠᠢ᠌ᠷ᠎ᠠ ᠪᠣᠯ ᠪᠣᠷᠤᠭᠠᠨ

ᠳᠤᠷᠠᠯᠠᠯ ᠤᠨ ᠨᠤᠭᠤᠭᠠᠨ ᠪᠣᠳᠤᠭ ᠨᠠᠢ᠌ᠷᠠᠵᠤ

ᠵᠢᠷᠦᠭᠡᠨ ᠳᠤ ᠳᠤᠨᠤᠷᠠᠳᠠᠭ ᠪᠣᠷᠤᠭᠠᠨ

ᠳᠤᠷᠠᠳᠬᠠᠯ ᠤᠳ ᠮᠦᠩᠭᠦᠨ ᠥᠯᠢᠭᠡᠷ ᠪᠦᠷᠢᠵᠤ

ᠵᠡᠭᠦᠳᠤᠨ ᠳᠤ ᠮᠡᠯᠮᠡᠷᠡᠳᠡᠭ᠌ ᠪᠣᠷᠤᠭᠠᠨ

ᠮᠠᠷᠳᠠᠵᠤ ᠴᠢᠳᠠᠬᠤ ᠦᠭᠡᠶ ᠳᠤᠷᠠᠰᠤᠯ ᠭᠦᠪᠦᠷᠢᠭᠦᠯᠵᠤ

ᠪᠣᠳᠤᠯ ᠳᠤ ᠪᠦᠮᠪᠦᠷᠢᠳᠡᠭ᠌ ᠪᠣᠷᠤᠭᠠᠨ

ᠮᠠᠷᠮᠠᠬᠠᠨ ①  ᠲ᠋ᠤᠷᠠᠯᠠᠯ ᠤᠨ ᠥᠭᠡᠰ ᠭᠡᠯᠭᠢᠵᠤ  

ᠪᠣᠯᠵᠤᠭᠠᠨ ᠳᠤ ᠱᠠᠭᠢᠳᠠᠭ ᠪᠣᠷᠤᠭᠠᠨ︕


① ᠭᠦᠶᠤ᠂   ᠭᠦᠭᠡᠷᠦᠭᠦᠨ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ